ᠭᠤᠷᠪᠠ ᠶᠢᠰᠦ ᠤᠷᠤᠭᠰᠠᠨ ᠰᠦᠨᠢᠳ ᠤᠨ ᠳᠠᠯ᠎ᠠ ᠳᠤ ᠬᠦᠢᠳᠡᠨ ᠤ ᠡᠷᠴᠢ ᠴᠢᠩᠭᠠᠷᠠᠵᠤ ᠪᠠᠶᠢᠭᠰᠠᠨ ᠴᠦ᠂ | ᠡᠪᠦᠯᠵᠢᠶ᠎ᠡ ᠳᠠᠪᠠᠯᠢᠭ ᠮᠠᠯᠴᠢᠨ ᠤ ᠬᠤᠳᠠᠨ ᠳᠤ ᠲᠦᠯ ᠤᠨ ᠮᠠᠶᠢᠯᠠᠭᠠᠨ ᠬᠠᠩᠭᠢᠨᠠᠵᠤ᠂ ᠮᠠᠯᠴᠢᠨ ᠡᠵᠡᠨ ᠢᠶᠠᠨ | ᠪᠠᠶᠠᠰᠬᠠᠨ᠎ᠠ᠃ | ᠵᠢᠷᠦᠬᠡ ᠪᠠᠯᠭᠠᠰᠤᠨ ᠤ ᠪᠠᠶᠠᠨᠲᠠᠯ᠎ᠠ ᠭᠠᠴᠠᠭᠠᠨ ᠤ ᠮᠠᠯᠴᠢᠨ ᠨᠠᠰᠤᠠᠪᠦ᠋ᠬᠡ ᠶᠢᠨ ᠳᠤ ᠬᠦᠷᠬᠦ ᠳᠤ᠂ ᠢᠬᠢᠷᠡᠯᠡᠨ | ᠢᠵᠢᠯᠢᠳᠦᠨ ᠬᠦᠷᠪᠡᠵᠢᠬᠦ ᠬᠦᠭᠡᠷᠦᠬᠦᠨ ᠬᠤᠷᠠᠭ᠎ᠠ ᠨᠤᠭᠤᠳ ᠬᠠᠰᠢᠶ᠎ᠠ ᠲᠦᠭᠦᠷᠡᠩ ᠳᠤᠭᠯᠠᠯᠳᠤᠵᠤ᠂ ᠳᠠᠷᠭᠤ ᠰᠠᠶᠢᠳᠠᠢ | ᠡᠭᠡ ᠮᠠᠯ ᠬᠤᠷᠠᠭᠠᠰᠤᠨ ᠮᠠᠶᠢᠯᠠᠯᠳᠤᠵᠤ᠂ ᠨᠢᠮᠬᠡᠨ ᠴᠠᠰᠤᠨ ᠳᠤ ᠬᠤᠴᠢᠭᠳᠠᠭᠰᠠᠨ ᠬᠦᠳᠡᠭᠡ ᠶᠢᠨ ᠰᠠᠶᠢᠬᠠᠨ ᠬᠠᠷᠠᠭᠠᠨ | ᠳᠤ ᠳᠤᠷᠤᠶᠢᠨᠠ᠃ | ᠵᠢᠯ ᠪᠤᠯᠭᠠᠨ ᠡᠷᠳᠡ ᠶᠢᠨ ᠲᠦᠯ ᠳᠤᠰᠳᠠᠭ ᠮᠠᠯᠴᠢᠨ ᠨᠠᠰᠤᠠᠪᠦ᠋ᠬᠡ ᠶᠢᠨ ᠬᠢᠨ᠂ ᠦᠨᠦ ᠡᠪᠦᠯ 12 ᠰᠠᠷ᠎ᠠ | ᠶᠢᠨ ᠡᠬᠢᠨ ᠠᠴᠠ ᠡᠬᠢᠯᠡᠨ ᠲᠦᠯ ᠳᠤᠰᠴᠤ᠂ ᠤᠳᠤᠬᠠᠨ ᠪᠤᠯᠳᠠᠯ᠎ᠠ ᠭᠤᠴᠢᠭᠠᠳ ᠬᠤᠨᠢ ᠬᠤᠷᠠᠭᠠᠯᠠᠭᠠᠳ ᠪᠤᠢ᠃ | ᠡᠭᠡ ᠮᠠᠯ ᠪᠠ ᠬᠤᠷᠠᠭ᠎ᠠ ᠪᠠᠨ ᠳᠠᠷᠭᠤ ᠬᠦᠴᠦᠳᠡᠢ ᠤᠨᠳᠤᠷᠤᠭᠤᠯᠬᠤ ᠶᠢᠨ ᠲᠦᠯᠦᠬᠡ᠂ ᠡᠳᠡᠨᠡᠶᠢᠬᠢᠨ 8 ᠲᠣᠨ | ᠬᠠᠭᠤᠷᠠᠶ ᠡᠪᠡᠰᠦ ᠪᠣᠯᠤᠨ 8 ᠲᠣᠨ ᠪᠣᠷᠳᠤᠭ᠎ᠠ ᠨᠦᠬᠡᠴᠡᠯᠡᠭᠰᠡᠨ ᠤ ᠬᠠᠮᠳᠤ ᠵᠠᠭᠤᠨ ᠤ ᠵᠠᠭᠤ ᠪᠠᠷ ᠲᠦᠯ ᠢᠶᠠᠨ ᠮᠡᠨᠳᠦ | ᠳᠤᠰᠬᠤ ᠶᠢᠨ ᠲᠦᠯᠦᠬᠡ ᠨᠠᠰᠤᠠᠪᠦ᠋ᠬᠡ ᠪᠠᠰᠠ ᠰᠦᠯᠵᠢᠶᠡᠨ ᠳᠡᠭᠡᠷ᠎ᠡ ᠠᠴᠠ ᠮᠠᠯ ᠤᠨ ᠡᠪᠡᠳᠴᠢᠨ ᠡᠮᠭᠡᠭ ᠢ | ᠤᠷᠢᠳᠴᠢᠯᠠᠨ ᠰᠡᠷᠭᠡᠶᠢᠯᠡᠬᠦ ᠶᠡᠷᠦ ᠶᠢᠨ ᠮᠡᠳᠡᠯᠭᠡ ᠶᠢ ᠣᠶᠢᠯᠠᠭᠠᠵᠤ᠂ ᠲᠥᠯ ᠲᠣᠰᠬᠤ ᠪᠠ ᠴᠢᠨᠠᠷ ᠰᠠᠶᠢᠲᠠᠶ ᠲᠡᠵᠢᠭᠡᠨ | ᠦᠷᠡᠵᠢᠭᠦᠯᠬᠦ ᠰᠢᠨ᠎ᠡ ᠮᠡᠳᠡᠯᠭᠡ ᠮᠡᠷᠭᠡᠵᠢᠯ ᠰᠤᠷᠴᠤ᠂ ᠮᠠᠯᠵᠢᠯ ᠦᠢᠯᠡᠳᠪᠦᠷᠢᠯᠡᠯ ᠪᠠ ᠣᠷᠣᠯᠭ᠎ᠠ ᠪᠠᠨ ᠨᠡᠮᠡᠭᠳᠡᠭᠦᠯᠬᠦ ᠳᠤ | ᠪᠠᠳᠤ ᠰᠠᠭᠤᠷᠢ ᠲᠠᠯᠪᠢᠵᠠᠶ᠃ | |