ᠡᠭᠦᠯᠳᠡᠷ ᠢ ᠴᠡᠪᠡᠷᠰᠢᠬᠦᠯᠦᠨ ᠴᠢᠨᠠᠷᠯᠢᠭ ᠮᠠᠯᠵᠢᠵᠤ ᠰᠥᠨᠢᠳ ᠬᠤᠨᠢᠨ ᠤ ᠨᠡᠷ᠎ᠡ ᠠᠯᠳᠠᠷ ᠢ ᠮᠠᠨᠳᠤᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2024/8/27
     ᠣᠶᠢᠷ᠎ᠠ ᠶᠢᠨ ᠵᠢᠯ᠂ ᠮᠠᠨ ᠤ ᠬᠤᠰᠢᠭᠤ ᠰᠥᠨᠢᠳ ᠬᠤᠨᠢᠨ ᠤ ᠭᠤᠤᠯᠯᠠᠬᠤ ᠠᠵᠤ ᠦᠶᠯᠡᠰ ᠤᠨ ᠡᠬᠢ ᠪᠠᠶᠠᠯᠢᠭ ᠢ ᠭᠦᠶᠴᠡᠳ ᠪᠠᠳᠠᠷᠠᠭᠤᠯᠵᠤ᠂ ᠨᠠᠷᠠᠲᠤ ᠲᠡᠮᠳᠡᠭ ᠢ ᠡᠭᠦᠳᠬᠦ᠂ ᠲᠥᠷᠥᠯ ᠵᠦᠶᠯ ᠢ ᠰᠢᠯᠢᠳᠡᠭᠵᠢᠭᠦᠯᠦᠨ ᠪᠣᠶᠢᠵᠢᠭᠤᠯᠬᠤ᠂ ᠶᠠᠰᠤ ᠴᠢᠨᠠᠷ ᠢ ᠳᠡᠭᠡᠭᠰᠢᠯᠡᠭᠦᠯᠬᠦ ᠶᠢ ᠲᠣᠪᠣᠶᠢᠮ᠎ᠠ ᠰᠠᠶᠢᠲᠤᠷ ᠠᠳᠬᠤᠵᠤ᠂ ᠢᠯᠡᠳᠲᠡ ᠦᠷ᠎ᠡ ᠪᠦᠲᠦᠮᠵᠢ ᠣᠯᠵᠠᠶ᠃ ᠰᠠᠶᠢᠬᠠᠠᠠᠦ᠋ᠯᠵᠡᠢ ᠰᠤᠮᠤᠨ ᠤ ᠮᠠᠯᠴᠢᠨ ᠵᠧᠦ ᠵᠢᠶᠠᠨ ᠬᠠᠶ ᠪᠣᠯ ᠳᠠᠷᠤᠶ ᠮᠠᠯ ᠤᠨ ᠢᠶᠠᠨ ᠡᠬᠦᠯᠳᠡᠷ  ᠢ ᠴᠡᠪᠡᠷᠰᠢᠬᠦᠯᠦᠨ ᠴᠢᠨᠠᠷᠯᠢᠭ ᠮᠠᠯᠵᠢᠭᠰᠠᠨ ᠨᠡᠶᠢᠲᠡᠯᠢᠭ ᠵᠢᠱᠢᠶ᠎ᠡ ᠪᠣᠯᠤᠨ᠎ᠠ᠃      ᠡᠨᠡ ᠵᠢᠯ ᠤᠨ ᠪᠦᠬᠦ ᠠᠶᠢᠮᠠᠭ ᠤᠨ 19 ᠳ᠋ᠦ᠋ᠭᠡᠷ ᠬᠤᠭᠤᠴᠠᠭᠠᠨ ᠤ ᠦᠨᠢᠷ ᠰᠦᠷᠦᠭ ᠤᠨ ᠠᠳᠠᠯᠢᠳᠬᠠᠯ ᠳᠤ᠂ ᠵᠧᠦ ᠵᠢᠶᠠᠨ ᠬᠠᠢ ᠰᠦᠨᠢᠳ ᠬᠤᠨᠢ᠂ ᠰᠢᠮᠧᠨ᠋ᠲ᠋ᠧᠷ ᠦᠬᠡᠷ ᠢᠶᠠᠨ ᠤᠷᠤᠭᠤᠯᠵᠤ᠂ ᠰᠥᠨᠢᠳ ᠡᠮ᠎ᠡ ᠬᠤᠨᠢᠨ ᠤ ᠨᠢᠭᠡᠳᠦᠭᠡᠷ ᠳᠡᠰ ᠤᠨ ᠱᠠᠩᠨᠠᠯ᠂ ᠰᠢᠮᠧᠨ᠋ᠲ᠋ᠧᠷ ᠲᠤᠭᠤᠯ ᠤᠨ ᠬᠤᠶᠠᠳᠤᠭᠠᠷ ᠳᠡᠰ ᠤᠨ ᠱᠠᠩᠨᠠᠯ ᠤᠯᠤᠭᠰᠠᠨ ᠨᠢ ᠳᠡᠳᠡᠨ  ᠤ ᠬᠢᠨ ᠳᠤ ᠪᠠᠶᠠᠷ ᠤᠨ ᠤᠴᠢᠷ ᠪᠤᠯᠤᠭᠰᠠᠨ ᠳᠡᠳᠦᠢ ᠦᠬᠡᠢ᠂ ᠰᠦᠨᠢᠳ ᠬᠤᠨᠢᠨ ᠤ ᠨᠡᠷ᠎ᠡ ᠠᠯᠳᠠᠷᠰᠢᠯ ᠢ ᠤᠯᠠᠮ  ᠢᠶᠠᠷ ᠳᠠᠭᠤᠷᠢᠰᠬᠠᠨ᠂ ᠰᠠᠶᠢᠨ ᠮᠠᠯᠵᠢᠵᠦ ᠨᠠᠷᠢᠯᠢᠭ ᠪᠤᠶᠢᠵᠢᠭᠤᠯᠤᠭᠰᠠᠨ ᠬᠦᠳᠡᠯᠮᠦᠷᠢ ᠶᠢᠨ ᠦᠷ᠎ᠡ ᠪᠦᠲᠦᠭᠡᠯ ᠢ ᠨᠢ ᠢᠯᠡᠷᠭᠡᠶᠢᠯᠡᠯ᠎ᠡ᠃      ᠳᠠᠷᠭᠤ ᠲᠡᠪᠡᠭᠡᠷᠡᠭ ᠰᠠᠶᠢᠳᠠᠢ ᠰᠦᠨᠢᠳ ᠬᠤᠨᠢᠨ ᠰᠦᠷᠦᠭ ᠬᠤᠷᠤᠭᠠᠨ ᠳᠤ ᠮᠠᠶᠢᠯᠠᠯᠳᠤᠨ᠂ ᠮᠠᠯᠴᠢᠨ ᠠᠶᠢᠯ  ᠤᠨ ᠭᠠᠳᠠᠨ᠎ᠠ ᠠᠬᠢ ᠳᠠᠭᠠᠨ᠎ᠠ ᠶᠢᠨ ᠦᠨᠦᠷ ᠬᠠᠩᠬᠤᠯᠤᠨ᠎ᠠ᠃ ᠮᠠᠯᠴᠢᠨ ᠵᠧᠦ ᠵᠢᠶᠠᠨ ᠬᠠᠢ ᠶᠢᠨ ᠬᠢᠨ 800 ᠬᠤᠨᠢ ᠮᠠᠯᠵᠢᠵᠤ᠂ ᠡᠬᠦᠨ ᠳᠤ 300 ᠰᠦᠨᠢᠳ ᠬᠤᠴᠠ ᠮᠠᠯᠵᠢᠵᠤ᠂ ᠵᠢᠯ ᠪᠤᠯᠭᠠᠨ ᠪᠡᠶ᠎ᠡ ᠪᠢᠯᠳᠠᠷ ᠳᠤᠮᠤ᠂ ᠪᠠᠷᠢᠮᠵᠢᠶᠠᠨ ᠳᠤ ᠬᠦᠷᠦᠭᠰᠡᠨ ᠰᠦᠨᠢᠳ ᠬᠤᠨᠢ ᠪᠠᠨ ᠢᠯᠭᠠᠨ ᠰᠤᠩᠭᠤᠵᠤ ᠡᠬᠦᠯᠳᠡᠷ ᠴᠡᠪᠡᠷᠰᠢᠬᠦᠯᠦᠨ ᠨᠠᠷᠢᠯᠢᠭ ᠮᠠᠯᠵᠢᠳᠠᠭ ᠠᠴᠠ ᠡᠷᠬᠢᠨ ᠲᠣᠭᠤᠷᠢᠨ ᠤ ᠭᠠᠴᠠᠭ᠎ᠠ ᠲᠣᠰᠬᠤᠨ ᠤ ᠮᠠᠯᠴᠢᠳ ᠤᠨ ᠦᠷ᠎ᠡ ᠶᠢᠨ ᠮᠠᠯ ᠰᠤᠩᠭᠤᠵᠤ᠂ ᠦᠶᠯᠡᠳᠪᠦᠷᠢᠯᠡᠯ ᠢᠶᠠᠨ ᠬᠥᠭᠵᠢᠭᠦᠯᠬᠦ ᠰᠣᠩᠭᠤᠯᠲᠠ ᠪᠣᠯᠤᠭᠰᠠᠨ ᠪᠠᠶᠢᠨ᠎ᠠ᠃ ᠡᠳᠡᠨ ᠤ ᠰᠦᠨᠢᠳ ᠬᠤᠴᠠᠨ ᠤ ᠬᠤᠳᠠᠯᠳᠤᠬᠤ ᠦᠨ᠎ᠡ ᠨᠢ ᠡᠩ  ᠤᠨ ᠬᠤᠨᠢᠨ ᠤ ᠦᠨ᠎ᠡ ᠠᠴᠠ 500 ᠠᠴᠠ 1000 ᠲᠦᠭᠦᠷᠢᠭ ᠦᠨᠳᠦᠷ᠂ ᠰᠦᠨᠢᠳ ᠡᠮ᠎ᠡ ᠬᠤᠨᠢᠨ ᠤ ᠦᠨ᠎ᠡ  ᠨᠢ ᠴᠦ 200 ᠲᠥᠭᠦᠷᠢᠭ ᠥᠨᠳᠥᠷ ᠪᠠᠶᠢᠵᠤ᠂ ᠵᠢᠯ ᠳᠤ 40 ᠭᠠᠷᠤᠢ ᠲᠦᠮᠡᠨ ᠲᠥᠭᠦᠷᠢᠭ ᠤᠨ ᠤᠷᠤᠯᠭ᠎ᠠ ᠤᠯᠳᠠᠭ ᠪᠠᠶᠢᠨ᠎ᠠ᠃      ᠡᠭᠦᠨ ᠤ ᠬᠠᠮᠲᠤ᠂ ᠵᠧᠦ ᠵᠢᠶᠠᠨ ᠬᠠᠢ ᠬᠤᠨᠢᠨ ᠳᠤ ᠪᠠᠨ ᠪᠦᠷ ᠡᠯᠧᠺᠲᠷᠤᠨ ᠡᠭᠡᠮᠦᠭ ᠵᠡᠬᠦᠯᠬᠡᠵᠦ᠂ ᠺᠣᠳ᠋ ᠰᠢᠷᠪᠢᠪᠡᠯ ᠳᠠᠷᠤᠶ ᠬᠤᠨᠢᠨ ᠤ ᠬᠢᠨᠢ ᠳᠤᠬᠠᠢ ᠳᠤᠳᠤᠷᠬᠠᠢ ᠮᠡᠳᠡᠭᠡ ᠵᠠᠩᠭᠢ ᠶᠢ ᠮᠡᠳᠡᠵᠦ ᠪᠤᠯᠤᠨ᠎ᠠ᠃      ᠮᠠᠨ ᠤ ᠬᠤᠰᠢᠭᠤ ᠰᠥᠨᠢᠳ ᠬᠤᠨᠢᠨ ᠮᠢᠬᠠᠨ ᠤ ᠪᠦᠬᠦ ᠠᠵᠤ ᠦᠢᠯᠡᠰ ᠤᠨ ᠬᠡᠯᠬᠢᠶᠡᠵᠢᠯ ᠤᠨ ᠮᠥᠷᠳᠡᠨ ᠪᠠᠶᠢᠴᠠᠭᠠᠬᠤ ᠳᠤᠭᠳᠠᠯᠴᠠᠭᠠᠨ ᠤ ᠪᠠᠶᠢᠭᠤᠯᠤᠯᠲᠠ ᠪᠠᠷ ᠳᠠᠮᠵᠢᠨ᠂ ᠰᠥᠨᠢᠳ ᠬᠤᠨᠢ ᠮᠠᠯᠵᠢᠬᠤ᠂ ᠨᠢᠲᠤᠯᠵᠤ ᠪᠤᠯᠪᠠᠰᠤᠷᠠᠭᠤᠯᠬᠤ᠂ ᠪᠠᠷᠠᠭᠠᠨ ᠤ ᠭᠦᠢᠯᠭᠡᠭᠡᠨ ᠤ ᠲᠤᠬᠢᠷᠠᠭᠤᠯᠤᠨ ᠬᠦᠷᠭᠡᠬᠦ᠂ ᠭᠡᠷᠡᠭᠯᠡᠭᠴᠢᠳ ᠲᠤ ᠬᠦᠷᠬᠦ ᠵᠡᠷᠭᠡ ᠪᠦᠬᠦ ᠠᠵᠤ ᠦᠢᠯᠡᠰ ᠤᠨ ᠬᠡᠯᠬᠢᠶᠡᠵᠢᠯ ᠤᠨ ᠬᠢᠨᠠᠯᠳᠠ ᠬᠠᠮᠢᠶᠠᠷᠤᠯᠲᠠ ᠶᠢ ᠴᠢᠩᠭᠠᠳᠬᠠᠵᠤ᠂ ᠢᠷᠡᠯᠲᠡ ᠶᠢ ᠨᠢ ᠮᠥᠷᠳᠡᠨ ᠪᠠᠶᠢᠴᠠᠭᠠᠬᠤ᠂ ᠬᠠᠨᠳᠤᠰᠢ ᠶᠢ ᠨᠢ ᠪᠠᠶᠢᠴᠠᠭᠠᠨ ᠭᠡᠷᠡᠴᠢᠯᠡᠬᠦ᠂ ᠬᠠᠷᠢᠭᠤᠴᠠᠯᠭ᠎ᠠ ᠨᠡᠬᠡᠮᠵᠢᠯᠡᠬᠦ ᠪᠠᠷ ᠳᠠᠮᠵᠢᠨ ︽ᠰᠥᠨᠢᠳ ᠬᠤᠨᠢᠨ ᠮᠢᠬᠠᠨ︾ ᠤ ᠨᠡᠷᠡᠲᠦ ᠲᠡᠮᠳᠡᠭ ᠢ ᠡᠭᠦᠳᠴᠦ᠂ ᠰᠥᠨᠢᠳ ᠬᠤᠨᠢᠨ ᠮᠢᠬᠠᠨ ᠤ ᠪᠣᠬᠢᠷᠲᠤᠯ ᠦᠭᠡᠢ ᠴᠡᠪᠡᠷ ᠪᠠᠶᠢᠭᠠᠯᠢᠯᠢᠭ ᠳᠠᠪᠠᠭᠤᠯᠢᠭ ᠲᠠᠯ᠎ᠠ ᠶᠢ ᠭᠦᠢᠴᠡᠳ ᠪᠠᠳᠠᠷᠠᠭᠤᠯᠤᠨ᠂ ᠳᠡᠭᠡᠲᠦ ᠲᠡᠰ ᠤᠨ᠂ ᠣᠨᠴᠠᠯᠢᠭᠲᠤ᠂ ᠨᠡᠷᠡᠲᠦ ᠲᠡᠮᠳᠡᠭᠲᠦ᠂ ᠪᠣᠬᠢᠷᠲᠤᠯ ᠦᠭᠡᠢ ᠰᠢᠯᠢ ᠶᠢᠨ ᠭᠤᠤᠯ ᠤᠨ ᠬᠤᠨᠢᠨ ᠮᠢᠬ᠎ᠠ ᠶᠢ ᠬᠦᠴᠦᠯᠡᠨ ᠪᠤᠢ ᠪᠤᠯᠭᠠᠵᠤ ᠪᠠᠶᠢᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号