ᠮᠠᠨ ᠤ ᠬᠤᠰᠢᠭᠤᠨ ᠤ ᠡᠯ᠎ᠡ ᠬᠡᠦᠭᠡᠳ ᠤᠨ ᠴᠡᠴᠡᠷᠯᠢᠭ ᠬᠡᠦᠭᠡᠳ ᠤᠨ ᠪᠠᠶᠠᠷ ᠢᠶᠠᠨ ᠦᠪᠡᠷᠮᠢᠴᠡ ᠤᠨᠴᠠᠯᠢᠭ ᠲᠠᠢ ᠪᠡᠯᠭᠡᠯᠡᠯ᠎ᠡ
ᠨᠡᠶᠢᠲᠡᠯᠡᠭᠰᠡᠨ ᠴᠠᠭ᠄
2024/6/4
     ᠳᠡᠯᠡᠬᠡᠢ ᠶᠢᠨ ᠬᠡᠦᠬᠡᠳ ᠤᠨ ᠪᠠᠶᠠᠷ ᠤᠨ ᠡᠳᠦᠷ ᠬᠦᠷᠴᠦ ᠢᠷᠡᠬᠦ ᠳᠠᠰᠢᠷᠠᠮ ᠳᠤ᠂ ᠤᠶᠢᠷ᠎ᠠ ᠶᠢᠨ ᠡᠳᠦᠷ ᠮᠠᠨ  ᠤ ᠬᠤᠰᠢᠭᠤᠨ ᠤ ᠡᠯ᠎ᠡ ᠬᠡᠦᠬᠡᠳ ᠤᠨ ᠴᠡᠴᠡᠷᠯᠢᠭ ᠦᠪᠡᠷ ᠦᠪᠡᠷ ᠤᠨ ᠦᠩᠭᠡ ᠪᠠᠷ ᠢᠶᠠᠨ ᠪᠠᠶᠠᠷ ᠤᠨ ᠠᠵᠢᠯᠯᠠᠭ᠎ᠠ ᠵᠤᠬᠢᠶᠠᠨ ᠪᠠᠶᠢᠭᠤᠯᠵᠤ᠂ ᠬᠡᠦᠬᠡᠳ ᠪᠠᠭᠠᠴᠤᠳ ᠢᠶᠠᠨ ᠪᠠᠶᠠᠰᠬᠠᠯ᠎ᠠ᠃      ᠲᠠᠶᠢᠯᠪᠤᠷᠢ ᠬᠤᠰᠢᠭᠤ ᠬᠤᠶᠠᠳᠤᠭᠠᠷ ᠬᠡᠦᠬᠡᠳ ᠤᠨ ᠴᠡᠴᠡᠷᠯᠢᠭ ︽ᠬᠡᠦᠬᠡᠳ ᠤᠨ ᠬᠦᠮᠦᠵᠢᠯ ᠢ ᠴᠢᠬᠤᠯᠠᠴᠢᠯᠠᠨ ᠬᠡᠦᠬᠡᠳ ᠨᠠᠰᠤᠨ ᠤ ᠰᠠᠶᠢᠨ ᠰᠠᠶᠢᠬᠠᠨ ᠢ ᠪᠦᠲᠦᠭᠡᠶ᠎ᠡ︾ ᠭᠡᠬᠦ ᠭᠤᠤᠯ ᠰᠡᠳᠦᠪᠲᠦ ᠵᠢᠷᠭᠤᠭᠠᠨ ᠰᠠᠷ᠎ᠠ ᠶᠢᠨ ᠨᠢᠭᠡᠨ ᠤ ᠬᠡᠦᠬᠡᠳ ᠤᠨ ᠪᠠᠶᠠᠷ ᠢ ᠪᠡᠯᠭᠡᠯᠡᠬᠦ ᠠᠵᠢᠯᠯᠠᠭ᠎ᠠ ᠡᠷᠬᠢᠯᠡᠵᠦ᠂ ᠬᠤᠰᠢᠭᠤ ᠳᠡᠳ᠋ ᠳᠠᠷᠤᠭ᠎ᠠ ᠯᠢ ᠵᠢᠶ ᠹᠧᠩ ᠠᠵᠢᠯᠯᠠᠭ᠎ᠠ  ᠳᠤ ᠣᠷᠣᠯᠴᠠᠪᠠ᠃ ᠥᠷᠯᠥᠭᠡ ᠡᠷᠳᠡ᠂ ᠴᠡᠴᠡᠷᠯᠢᠭ ᠤᠨ ᠪᠠᠭᠰᠢ ᠨᠠᠷ ᠬᠡᠦᠬᠡᠯᠳᠡᠢ ᠶᠢᠨ ᠲᠦᠷᠬᠦ ᠳᠤ ᠬᠤᠪᠢᠷᠠᠨ᠂ ᠬᠡᠦᠬᠡᠳ ᠪᠠᠭᠠᠴᠤᠳ  ᠢᠶᠠᠨ ᠤᠭᠳᠤᠨ ᠳᠤᠰᠴᠤ᠂ ᠴᠡᠴᠡᠷᠯᠢᠭ ᠤᠨ ᠬᠦᠷᠢᠶ᠎ᠡ ᠪᠠᠶᠠᠷ ᠤᠨ ᠡᠳᠦᠷ ᠤᠨ ᠠᠭᠤᠷ ᠠᠮᠢᠰᠬᠤᠯ ᠢᠶᠠᠷ ᠪᠢᠯᠬᠠᠨ᠂ ᠦᠨᠳᠦᠰᠦᠲᠡᠨ ᠤ ᠪᠥᠵᠢᠭ᠂ ᠮᠣᠷᠢᠨ ᠬᠤᠭᠤᠷ ᠤᠨ ᠲᠣᠭᠯᠠᠯᠲᠠ᠂ ᠣᠲᠣ ᠦᠶ᠎ᠡ ᠶᠢᠨ ᠣᠨᠴᠠᠯᠢᠭ ᠲᠠᠢ ᠪᠦᠮᠪᠦᠷ ᠤᠨ ᠳᠤᠭᠯᠠᠯᠳᠠ ᠵᠡᠷᠭᠡ ᠭᠤᠶᠢᠳᠡ ᠰᠠᠶᠢᠬᠠᠨ ᠳᠤᠭᠯᠠᠯᠳᠠ ᠶᠠᠪᠤᠭᠳᠠᠭᠰᠠᠨ ᠠᠴᠠ ᠭᠠᠳᠠᠨ᠎ᠠ ᠰᠢᠯᠢᠳᠡᠭ ᠬᠡᠷ ᠪᠦᠯᠢ᠂ ᠰᠢᠯᠢᠳᠡᠭ ᠪᠠᠭᠰᠢ ᠠᠵᠢᠯᠳᠠᠨ᠂ ᠰᠢᠯᠢᠳᠡᠭ ᠠᠩᠭᠢ ᠨᠢᠭᠡᠴᠡ ᠶᠢ ᠬᠥᠬᠢᠭᠦᠯᠦᠨ ᠰᠠᠶᠢᠰᠢᠶᠠᠪᠠ᠃      ᠬᠤᠰᠢᠭᠤ ᠨᠢᠭᠡᠳᠦᠭᠡᠷ ᠬᠡᠦᠬᠡᠳ ᠤᠨ ᠴᠡᠴᠡᠷᠯᠢᠭ ︽ᠬᠡᠦᠭᠡᠳ ᠤᠨ ᠬᠦᠮᠦᠵᠢᠯ ᠢ ᠬᠦᠨᠳᠦᠳᠭᠡᠨ᠂ ᠬᠡᠦᠬᠡᠳ ᠨᠠᠰᠤᠨ ᠤ ᠬᠦᠰᠡᠯ ᠵᠢᠷᠭᠠᠯ ᠢ ᠵᠢᠷᠤᠭᠯᠠᠶ᠎ᠠ︾ ᠬᠡᠬᠦ ᠭᠤᠤᠯ ᠰᠡᠳᠦᠪᠳᠦ ᠬᠡᠦᠬᠡᠳ ᠤᠨ ᠪᠠᠶᠠᠷ ᠢ ᠪᠡᠯᠬᠡᠯᠡᠬᠦ ᠠᠵᠢᠯᠯᠠᠭ᠎ᠠ ᠶᠠᠪᠤᠭᠳᠠᠭᠤᠯᠤᠨ᠂ ᠬᠦᠭᠡᠷᠦᠬᠦᠨ ᠬᠤᠪᠴᠠᠰᠤᠯᠠᠭᠰᠠᠨ ᠪᠢᠴᠢᠬᠠᠨ ᠪᠦᠦᠪᠡᠢ ᠨᠠᠷ ᠰᠦᠷ ᠵᠢᠪᠬᠤᠯᠠᠩᠲᠤ ᠬᠦᠭᠵᠢᠮ ᠤᠨ ᠠᠶᠠᠰ ᠢ ᠲᠠᠭᠠᠨ ᠢᠳᠡᠷᠡᠬᠦᠨ ᠠᠯᠬᠤᠭ᠎ᠠ ᠪᠠᠷ ᠳᠠᠯᠠᠪᠠᠢ ᠳᠤ ᠤᠷᠤᠵᠤ᠂ ᠪᠢᠴᠢᠬᠠᠨ ᠳᠤᠭᠴᠢᠳ᠂ ᠪᠦᠬᠡᠴᠢᠳ᠂ ᠳᠠᠮᠢᠷᠴᠢᠳ ᠵᠡᠷᠭᠡ ᠲᠦᠷᠪᠡᠯᠵᠢᠨ ᠡᠩᠨᠡᠭᠡ ᠵᠢᠭᠳᠡᠷᠡᠨ ᠳᠤᠭᠯᠠᠯᠳᠠ ᠦᠵᠡᠬᠦᠯᠦᠯᠬᠡ ᠪᠠᠨ ᠰᠤᠨᠢᠷᠬᠠᠭᠤᠯᠤᠨ᠂ ᠪᠠᠭᠰᠢ᠂ ᠭᠡᠷ ᠤᠨ ᠠᠬᠠᠮᠠᠳ ᠲᠠᠢ ᠪᠠᠨ ᠬᠠᠮᠳᠤᠪᠡᠷ ᠪᠠᠶᠠᠷ ᠤᠨ ᠡᠳᠦᠷ ᠤᠨ ᠬᠠᠪᠤ ᠴᠡᠩᠭᠡᠯ ᠢ ᠡᠳ᠋ᠯᠡᠨ᠎ᠡ᠃      ᠰᠠᠶᠢᠬᠠᠨᠲᠠᠯ᠎ᠠ ᠬᠡᠦᠬᠡᠳ ᠤᠨ ᠴᠡᠴᠡᠷᠯᠢᠭ ᠲᠤ᠂ ᠬᠢᠲᠠᠳ ᠬᠤᠪᠴᠠᠰᠤ᠂ ᠪᠡᠭᠡᠵᠢᠩ ᠰᠢ ᠶᠢᠨ ᠬᠤᠪᠴᠠᠰᠤ ᠵᠡᠷᠭᠡ ᠳᠤᠮᠳᠠᠳᠤ ᠮᠠᠶ᠋ᠢᠭ ᠤᠨ ᠦᠨᠳᠦᠰᠦᠳᠡᠨ ᠤ ᠬᠤᠪᠴᠠᠰᠤ ᠵᠠᠰᠠᠯ ᠢᠶᠠᠷ ᠭᠤᠶᠤᠭᠰᠠᠨ ᠪᠢᠴᠢᠬᠠᠨ ᠪᠦᠦᠪᠡᠢ ᠨᠠᠷ ᠳᠤᠭᠯᠠᠯᠳᠠ ᠦᠵᠡᠬᠦᠯᠪᠦᠷᠢ ᠪᠠᠨ ᠦᠵᠡᠬᠦᠯᠦᠨ᠂ ᠡᠷᠳᠡᠨ ᠤ ᠶᠠᠳᠤᠭ᠎ᠠ ᠶᠢᠨ ᠳᠤᠭᠯᠠᠯᠳᠠ ᠨᠢ ᠬᠦᠷᠦᠭᠰᠡᠨ ᠪᠤᠯᠭᠠᠨ ᠤ ᠬᠠᠶᠢᠷ᠎ᠠ ᠪᠠᠭ᠋ᠠᠷᠬᠠᠯ ᠢ ᠳᠠᠳᠠᠨ᠎ᠠ᠃ ᠪᠦᠦᠪᠡᠢ ᠨᠠᠷ ᠪᠠᠰᠠ ︽ᠪᠢᠴᠢᠬᠠᠨ ᠲᠣᠭᠤᠭᠠᠴᠢ︾ ᠪᠤᠯᠵᠤ᠂ ᠪᠠᠭᠰᠢ ᠶᠢᠨ ᠢᠶᠠᠨ ᠵᠢᠯᠤᠭᠤᠳᠤᠯᠭ᠎ᠠ ᠳᠣᠣᠷ᠎ᠠ ᠵᠢᠮᠢᠰ ᠲᠠᠢ ᠴᠠᠢ᠂ ᠰᠦᠨ ᠰᠢᠬᠢᠷ ᠬᠢᠬᠦ ᠶᠢ ᠰᠤᠷᠴᠤ᠂ ᠤᠬᠢᠶᠠᠵᠤ ᠴᠡᠪᠡᠷᠯᠡᠬᠦ᠂ ᠵᠢᠮᠢᠰ ᠬᠠᠯᠢᠰᠤᠯᠠᠬᠤ᠂ ᠬᠡᠷᠴᠢᠬᠦ᠂ ᠳᠠᠪᠠᠭᠯᠠᠬᠤ ᠵᠡᠷᠭᠡ ᠠᠵᠢᠯ ᠳᠤ ᠤᠯᠠᠨ ᠢᠶᠠᠷ ᠢᠶᠠᠨ ᠠᠵᠢᠯ ᠢᠶᠠᠨ ᠬᠤᠪᠢᠶᠠᠷᠢᠯᠠᠨ ᠬᠠᠮᠲᠤᠷᠠᠯᠴᠠᠵᠤ᠂ ᠬᠦᠳᠡᠯᠮᠦᠷᠢ ᠠᠴᠠ ᠪᠠᠶᠠᠷ ᠪᠠᠭ᠋ᠠᠳᠤᠯ ᠮᠡᠳᠡᠷᠡᠯ᠎ᠡ᠃  ᠡᠯ᠎ᠡ ᠴᠡᠴᠡᠷᠯᠢᠭ ᠰᠤᠷᠭᠠᠭᠤᠯᠢ ᠪᠦᠷ ᠪᠠᠶᠠᠷ ᠤᠨ ᠡᠳᠦᠷ ᠤᠨ ᠠᠵᠢᠯᠯᠠᠭ᠎ᠠ ᠪᠠᠨ ᠳᠡᠮᠳᠡᠭᠯᠡᠭᠰᠡᠨ ᠪᠤᠯ᠂ ᠨᠠᠷᠠᠨᠪᠤᠯᠠᠭ ᠬᠡᠦᠬᠡᠳ ᠤᠨ ᠴᠡᠴᠡᠷᠯᠢᠭ ᠬᠠᠷᠢᠨ ︽ᠤᠳᠤᠳ ᠲᠦᠭᠡᠬᠦ ᠮᠦᠷᠦᠭᠡᠳᠦᠯ ᠤᠨ ᠳᠠᠯᠠᠢ︾ ᠬᠡᠬᠦ ᠪᠠᠶᠠᠰᠬᠤᠯᠠᠩᠳᠤ ᠦᠳᠡᠰᠢ  ᠶᠢᠨ ᠴᠡᠩᠭᠡᠭᠦᠨ ᠵᠤᠬᠢᠶᠠᠨ ᠪᠠᠶᠢᠭᠤᠯᠵᠤ᠂ ᠬᠦᠮᠦᠨ ᠪᠦᠬᠦᠨ ᠭᠡᠷᠡᠯᠳᠦ ᠵᠠᠰᠠᠯ ᠵᠡᠬᠦᠯᠳᠡ ᠪᠠᠷ ᠭᠤᠶᠤᠵᠠᠭᠠᠨ᠂ ᠬᠦᠷᠢᠶᠡᠨ ᠳᠤ ᠤᠷᠤᠮᠠᠭᠴᠠ ᠨᠡᠷ᠎ᠡ ᠪᠠᠨ ᠦᠯᠡᠳᠡᠬᠡᠬᠦ ᠰᠠᠮᠪᠠᠷ᠎ᠠ ᠳᠤ ᠭᠠᠷ ᠤᠨ ᠦᠰᠦᠭ ᠢᠶᠠᠨ ᠵᠢᠷᠤᠵᠤ᠂ ᠳᠤᠭᠯᠠᠭᠠᠮ ᠰᠤᠯᠢᠬᠤ ᠺᠠᠷᠲ ᠡᠷᠢᠬᠦ ᠠᠶᠠᠨ ᠳᠤ ᠭᠠᠷᠴᠤ᠂ ᠨᠠᠭᠠᠳᠤᠮ ᠳᠤᠭᠯᠠᠭᠠᠮ᠂ ᠵᠢᠮᠢᠰ ᠤᠨ ᠰᠢᠬᠦᠰᠦ᠂ ᠪᠤᠷᠢᠶᠠᠳ ᠪᠤᠤᠽᠢ᠂ ᠠᠮᠳᠠᠳᠤ ᠪᠤᠭᠤᠷᠰᠤᠭ᠂ ᠬᠡᠦᠬᠡᠳ ᠤᠨ ᠨᠢᠭᠤᠷ ᠪᠤᠳᠤᠯᠳᠠ᠂ ᠴᠠᠭᠠᠷᠢᠭ ᠰᠢᠳᠡᠵᠦ ᠠᠵᠠ ᠪᠠᠨ ᠰᠤᠷᠢᠬᠤ ᠵᠡᠷᠭᠡ ᠤᠨᠴᠠᠯᠢᠭᠳᠤ ᠳᠡᠯᠭᠡᠭᠡ ᠮᠠᠶᠢᠮᠠᠢ ᠶᠢ ᠳᠤᠭᠤᠷᠢᠨ ᠬᠠᠮᠳᠤᠪᠡᠷ ᠪᠠᠶᠠᠰᠤᠯᠳᠤᠯ᠎ᠠ᠃      ᠣᠶᠢᠯᠠᠭᠠᠭᠰᠠᠨ ᠢᠶᠠᠷ᠂ ᠠᠵᠢᠯᠯᠠᠭ᠎ᠠ ᠶᠢ ᠥᠷᠨᠢᠭᠦᠯᠬᠦ ᠠᠴᠠ ᠡᠮᠦᠨ᠎ᠡ᠂ ᠬᠡᠦᠬᠡᠳ ᠤᠳ ᠨᠣᠮ ᠪᠢᠴᠢᠭ᠂ ᠬᠡᠦᠬᠡᠯᠳᠡᠶ ᠵᠡᠷᠭᠡ ᠡᠳ᠋ ᠪᠣᠳᠠᠰ ᠢᠶᠠᠨ ᠢᠳᠡᠪᠬᠢᠲᠡᠶ ᠬᠠᠨᠳᠢᠪᠯᠠᠭᠰᠠᠨ ᠪᠥᠭᠡᠳ ᠠᠯᠪᠠᠨ ᠵᠢᠷᠤᠮ ᠤᠨ ᠬᠤᠳᠠᠯᠳᠤᠭ᠎ᠠ ᠡᠷᠬᠢᠯᠡᠬᠦ᠂ ᠬᠠᠮᠳᠤ ᠳᠤ ᠪᠠᠨ ᠭᠠᠷ ᠬᠦᠳᠡᠯᠵᠦ ᠲᠦᠰᠦᠪᠯᠡᠵᠦ ᠲᠦᠯᠦᠪᠯᠡᠬᠦ ᠵᠡᠷᠭᠡ ᠠᠵᠢᠯ ᠢᠶᠠᠷ ᠳᠠᠮᠵᠢᠨ ᠪᠠᠭᠰᠢ᠂ ᠭᠡᠷ ᠤᠨ ᠠᠬᠠᠮᠠᠳ᠂ ᠬᠡᠦᠬᠡᠳ ᠤᠨ ᠬᠠᠮᠳᠤᠷᠠᠯᠴᠠᠭ᠎ᠠ ᠶᠢ ᠠᠬᠢᠭᠤᠯᠤᠨ᠂ ᠦᠶᠯᠡᠳᠦᠯᠭᠡ ᠶᠢᠨ ᠳᠤᠮᠳᠠ ᠬᠡᠦᠬᠡᠳ ᠤᠨ ᠬᠠᠷᠢᠯᠴᠠᠭᠠᠨ ᠤ ᠴᠢᠳᠠᠪᠤᠷᠢ ᠶᠢ ᠳᠡᠭᠡᠭᠰᠢᠯᠡᠬᠦᠯᠵᠦ᠂ ᠪᠡᠶᠡᠴᠢᠯᠡᠨ ᠣᠶᠢᠯᠠᠭᠠᠬᠤ ᠪᠠ ᠬᠠᠶᠢᠨ ᠰᠦᠪᠡᠭᠴᠢᠯᠡᠬᠦ ᠣᠶᠢᠯᠠᠭᠠᠭᠳᠠᠬᠤᠨ ᠢ ᠭᠦᠨᠵᠡᠭᠡᠶ ᠠᠭᠤᠰᠤᠯᠴᠠᠭᠤᠯᠤᠭᠰᠠᠨ ᠰᠤᠷᠭᠠᠨ ᠬᠥᠮᠦᠵᠢᠯ ᠤᠨ ᠦᠶᠯᠡᠳᠦᠯᠭᠡ ᠪᠤᠯᠵᠠᠢ᠃ ᠡᠬᠦᠨ  ᠠᠴᠠ ᠭᠠᠳᠠᠨ᠎ᠠ ᠭᠤᠴᠤ ᠰᠠᠶᠢᠬᠠᠨ ᠴᠡᠩᠭᠡᠭᠦᠨᠳᠦ ᠦᠵᠡᠬᠦᠯᠪᠦᠷᠢ᠂ ᠬᠤᠸᠠᠷ ᠫᠤᠤᠵᠢᠩ ᠤᠨ ᠦᠵᠡᠰᠬᠦᠯᠡᠩ᠂ ᠠᠵᠠ  ᠲᠠᠢ ᠪᠦᠦᠪᠡᠢ ᠰᠤᠩᠭᠤᠬᠤ ᠵᠡᠷᠭᠡ ᠠᠵᠢᠯᠯᠠᠭ᠎ᠠ ᠨᠢ ᠬᠡᠦᠬᠡᠳ ᠪᠠᠭᠠᠴᠤᠳ ᠢᠶᠠᠨ ᠪᠠᠶᠠᠰᠬᠠᠭᠰᠠᠨ ᠢᠶᠠᠷ ᠪᠠᠷᠠᠬᠤ ᠦᠬᠡᠢ᠂ ᠭᠡᠷ ᠤᠨ ᠠᠬᠠᠮᠠᠳ᠂ ᠪᠠᠭᠰᠢᠨᠠᠷ ᠴᠦ ᠲᠠᠭᠠᠨ ᠪᠠᠶᠠᠰᠴᠤ᠂ ᠪᠠᠶᠠᠷ ᠤᠨ ᠡᠳᠦᠷ ᠢᠶᠠᠨ ᠤᠳᠬ᠎ᠠ ᠠᠭᠤᠯᠭ᠎ᠠ ᠲᠠᠢ ᠦᠩᠭᠡᠷᠡᠬᠦᠯᠦᠯ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号