ᠠᠯᠳᠠᠨ ᠬᠢᠯᠢ ᠶᠢᠨ ᠠᠮᠤᠭᠤᠯᠠᠩ ᠮᠠᠨᠠᠭ᠎ᠠ
ᠨᠡᠶᠢᠲᠡᠯᠡᠭᠰᠡᠨ ᠴᠠᠭ᠄
2024/6/11
     ᠡᠬᠡ ᠤᠷᠤᠨ ᠤ ᠪᠠᠨ ᠠᠯᠳᠠᠨ ᠬᠢᠯᠢ ᠶᠢᠨ ᠠᠮᠤᠭᠤᠯᠠᠩ ᠳᠠᠶᠢᠪᠤᠩ ᠢ ᠰᠠᠬᠢᠵᠦ᠂ ᠠᠷᠠᠳ ᠤᠯᠠᠨ ᠤ ᠠᠮᠤᠷ ᠲᠦᠪᠰᠢᠨ ᠢ ᠪᠠᠳᠤᠯᠠᠨ᠂ ᠪᠠᠶᠢᠭᠠᠯᠢ ᠠᠬᠤᠢ ᠠᠮᠢᠳᠠᠨ ᠭᠤᠤᠯᠳᠠᠨ ᠢᠶᠠᠨ ᠬᠠᠮᠠᠭᠠᠯᠠᠬᠤ ᠪᠤᠯ ᠬᠢᠯᠢ ᠳᠠᠭᠠᠤ ᠨᠤᠳᠤᠭ ᠤᠨ ᠮᠠᠯᠴᠢᠨ ᠲᠦᠮᠡᠨ ᠤ ᠡᠷᠬᠢᠮ ᠳᠡᠭᠡᠳᠦ ᠤᠬᠠᠮᠰᠠᠷ᠂ ᠡᠬᠡᠯ ᠵᠢᠷ ᠤᠨ ᠠᠮᠢᠳᠤᠷᠠᠯ ᠤᠨ ᠬᠢᠨᠢ ᠳᠠᠳᠤᠯ ᠵᠤᠷᠰᠢᠯ ᠪᠤᠯᠵᠤ᠂ ᠴᠡᠷᠢᠭ ᠤᠨ ᠲᠦᠷᠢᠮᠳᠦ ᠬᠤᠪᠴᠠᠰᠤ ᠦᠬᠡᠢ ᠴᠦ ᠴᠠᠭᠳᠠᠨ ᠬᠠᠮᠠᠭᠠᠯᠠᠬᠤ ᠠᠵᠢᠯ ᠳᠤ ᠪᠠᠨ ᠦᠪᠡᠷ ᠢ ᠪᠠᠨ ᠱᠠᠭᠠᠷᠳᠠᠨ ᠭᠠᠪᠰᠢᠭᠠᠢ ᠠᠵᠢᠯᠯᠠᠵᠤ ᠪᠠᠶᠢᠳᠠᠭ ᠪᠢᠯᠡ᠃ ᠡᠷᠢᠶᠡᠨᠨᠠᠭᠤᠷ ᠰᠤᠮᠤᠨ ᠤ ᠵᠢᠪᠬᠤᠯᠠᠩᠲᠤ ᠭᠠᠴᠠᠭᠠᠨ ᠤ ᠮᠠᠯᠴᠢᠨ ᠤᠳᠤ ᠬᠢᠯᠢ ᠶᠢᠨ ᠬᠠᠮᠠᠭᠠᠯᠠᠭᠴᠢ ᠪᠣᠯᠤᠭᠰᠠᠨ ᠠᠴᠠ ᠨᠠᠰᠢ ᠪᠣᠳᠠᠲᠤ ᠠᠵᠢᠯᠯᠠᠭ᠎ᠠ ᠪᠠᠷ ᠢᠶᠠᠨ ᠬᠢᠯᠢ ᠶᠢᠨ ᠬᠠᠮᠠᠭᠠᠯᠠᠭᠴᠢ ᠶᠢᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠦᠢᠯᠡᠳᠦᠯᠬᠡᠵᠢᠬᠦᠯᠵᠦ ᠡᠬᠡ ᠤᠷᠤᠨ ᠤ ᠪᠠᠨ ᠳᠠᠷᠬᠠᠨ ᠬᠢᠯᠢ ᠶᠢ ᠪᠠᠳᠤᠯᠠᠨ ᠰᠠᠬᠢᠵᠤ ᠪᠠᠶᠢᠭ᠎ᠠ ᠶᠤᠮ᠃      ᠠᠮᠠᠷᠠᠯᠳᠠ ᠴᠢᠯᠦᠬᠡᠨ ᠤ ᠬᠤᠭᠤᠴᠠᠭ᠎ᠠ ᠪᠤᠯᠬᠤ ᠪᠦᠷᠢ᠂ ᠬᠢᠯᠢ ᠶᠢᠨ ᠴᠠᠭᠳᠠᠨ ᠰᠡᠷᠭᠡᠶᠢᠯᠡᠬᠦ ᠠᠵᠢᠯ ᠤᠯᠠᠮ ᠶᠠᠭᠠᠷᠠᠯᠲᠠᠶ ᠪᠤᠯᠳᠠᠭ᠃ ᠬᠢᠯᠢ ᠶᠢᠨ ᠬᠠᠮᠠᠭᠠᠯᠠᠭᠴᠢ ᠪᠣᠯᠤᠭᠰᠠᠨ ᠤ ᠬᠤᠪᠢ ᠳᠤ᠂ ᠣᠲᠣ ᠦᠷᠯᠦᠬᠡ ᠡᠷᠳᠡᠯᠡᠨ ᠠᠵᠢᠯ ᠎ ᠳᠤ ᠪᠠᠨ ᠭᠠᠷᠴᠤ᠂ ᠳᠤᠷᠠᠨ ᠢᠶᠠᠨ ᠠᠪᠴᠤ ᠮᠠᠰᠢᠨ ᠮᠤᠲ᠋ᠤᠷ ᠢᠶᠠᠷ ᠬᠢᠯᠢ ᠳᠠᠭᠠᠤ ᠴᠠᠭᠳᠠᠨ ᠶᠠᠪᠤᠵᠤ᠂ ᠠᠯᠠᠭᠠᠨ ᠴᠢᠨᠡᠭᠡ ᠭᠠᠵᠠᠷ ᠢ ᠴᠤ ᠤᠷᠬᠢᠭᠳᠠᠭᠤᠯᠤᠯ ᠦᠬᠡᠢ ᠪᠠᠷ ᠬᠢᠯᠢ ᠨᠤᠳᠤᠭ ᠤᠨ ᠢᠶᠠᠨ ᠠᠮᠤᠷ ᠲᠤᠭᠳᠠᠭᠤᠨ ᠢ ᠰᠠᠬᠢᠨ ᠬᠠᠮᠠᠭᠠᠯᠠᠳᠠᠭ᠃      ᠮᠤᠩᠭᠤᠯ ᠤᠯᠤᠰ ᠲᠠᠢ ᠬᠦᠷᠰᠢᠯᠡᠵᠦ ᠪᠠᠶᠢᠭ᠎ᠠ ᠬᠢᠯᠢ ᠨᠤᠳᠤᠭ ᠲᠤ ᠬᠤᠯᠠᠨ᠂ ᠠᠷᠭᠠᠯᠢ ᠤᠭᠠᠯᠵᠠ᠂ ᠵᠡᠭᠡᠷ᠎ᠡ ᠵᠡᠷᠭᠡ ᠭᠡᠭᠡᠷ᠎ᠡ ᠶᠢᠨ ᠠᠮᠢᠳᠠᠳ ᠪᠠᠶᠢᠩᠭᠤ ᠵᠤᠴᠢᠯᠠᠳᠠᠭ᠃ 1999 ᠣᠨ ᠳᠤ ᠤᠳᠤ ᠬᠢᠯᠢ ᠳᠠᠭᠠᠤ ᠳᠤᠭᠤᠷᠢᠨ ᠴᠠᠭᠳᠠᠵᠤ ᠶᠠᠪᠤᠬᠤ ᠳᠤ ᠪᠠᠨ᠂ ᠰᠦᠷᠦᠭ ᠠᠴᠠ ᠪᠠᠨ ᠭᠡᠭᠡᠭᠳᠡᠭᠰᠡᠨ ᠦᠨᠦᠴᠢᠨ ᠢᠨᠵᠠᠭ᠎ᠠ ᠶᠢ ᠤᠯᠵᠤ ᠠᠪᠤᠷᠠᠭᠠᠳ ᠦᠨᠢᠶᠡᠨ ᠳᠤ ᠪᠠᠨ ᠬᠦᠬᠦᠬᠦᠯᠵᠦ ᠦᠰᠬᠡᠨ᠂ ᠬᠤᠨᠢᠨ ᠰᠦᠷᠦᠭ ᠲᠤ ᠪᠠᠨ ᠢᠵᠢᠯᠢᠰᠢᠬᠦᠯᠵᠦ ᠬᠠᠭᠠᠰ ᠵᠢᠯ ᠡᠩᠭᠦᠷᠡᠶᠢᠯᠡᠨ ᠮᠠᠯᠵᠢᠵᠦ ᠪᠠᠶᠢᠭᠠᠳ᠂ ᠭᠡᠨᠡᠳᠳᠡ ᠨᠢᠭᠡ ᠡᠳᠦᠷ ᠪᠡᠯᠴᠢᠭᠡᠷ ᠠᠴᠠ ᠪᠠᠨ ᠡᠷᠬᠢᠵᠦ ᠢᠷᠡᠭᠡ ᠦᠬᠡᠢ ᠭᠡᠳᠡᠭ ᠃ ︽ᠡᠰᠡᠨ ᠮᠡᠨᠳᠦ ᠢᠵᠢᠯᠢ ᠰᠦᠷᠦᠭ ᠲᠠᠢ ᠪᠠᠨ ᠨᠡᠶᠢᠯᠡᠭᠰᠡᠨ ᠪᠤᠯᠪᠠᠤ︾ ᠬᠡᠮᠡᠨ ᠰᠠᠨᠠᠭᠠᠰᠢᠷᠠᠬᠤ ᠤᠳᠤ ᠶᠢᠨ ᠶᠠᠷᠢᠶᠠᠨ ᠠᠴᠠ ᠮᠠᠯᠴᠢᠨ ᠬᠦᠮᠦᠨ ᠤ ᠪᠠᠶᠢᠭᠠᠯᠢ ᠠᠬᠤᠢ ᠪᠠᠨ ᠳᠡᠭᠡᠳᠦᠯᠡᠨ᠂ ᠠᠮᠢᠳᠠᠨ ᠭᠤᠤᠯᠳᠠᠨ ᠢᠶᠠᠨ ᠬᠠᠶᠢᠷᠠᠯᠠᠳᠠᠭ ᠠᠰᠪᠤᠷᠢ ᠴᠠᠶᠢᠯᠭᠠᠨ ᠰᠡᠳᠬᠢᠯ ᠨᠢ ᠳᠤᠳᠤᠬᠠᠨ ᠬᠠᠷᠠᠭᠳᠠᠨ᠎ᠠ᠃      24 ᠵᠢᠯ ᠬᠢᠯᠢ ᠨᠤᠳᠤᠭ ᠤᠨ ᠢᠶᠠᠨ ᠠᠮᠤᠭᠤᠯᠠᠩ ᠳᠠᠶᠢᠪᠤᠩ ᠢ ᠰᠠᠬᠢᠨ ᠬᠠᠮᠠᠭᠠᠯᠠᠭᠰᠠᠨ ᠤᠳᠤ᠂ ᠬᠢᠯᠢ ᠶᠢᠨ ᠬᠠᠮᠠᠭᠠᠯᠠᠭᠴᠢ ᠶᠢᠨ ᠤᠷᠢᠯᠭ᠎ᠠ ᠶᠢᠨ ᠪᠢᠴᠢᠭ ᠭᠠᠷᠳᠠᠭᠰᠠᠨ ᠳᠤ ᠪᠠᠨ ᠰᠡᠳᠬᠢᠯ ᠮᠠᠰᠢ ᠦᠨᠳᠦᠷ ᠪᠠᠶᠢᠯ᠎ᠠ᠃ ᠤᠭ ᠤᠨ ᠎ ᠬᠢ ᠲᠠᠢ ᠬᠠᠷᠢᠴᠠᠭᠤᠯᠪᠠᠯ᠂ ᠮᠠᠰᠢᠨ ᠤᠨᠤᠭ᠎ᠠ᠂ ᠪᠠᠭᠠᠵᠢ ᠭᠡᠷᠡᠭᠰᠡᠯ ᠰᠠᠶᠢᠵᠢᠷᠠᠭᠰᠠᠨ ᠰᠢᠨ᠎ᠡ ᠴᠠᠭ ᠲᠤ᠂ ᠤᠳᠤ ᠵᠠᠪ ᠴᠢᠯᠦᠬᠡ ᠯᠡ ᠭᠠᠷᠪᠠᠯ ᠴᠠᠭᠳᠠᠨ ᠪᠠᠶᠢᠴᠠᠭᠠᠬᠤ ᠠᠵᠢᠯ ᠳᠤ ᠪᠠᠨ ᠭᠠᠷᠴᠤ᠂ ᠬᠢᠯᠢ ᠶᠢᠨ ᠬᠠᠮᠠᠭᠠᠯᠠᠭᠴᠢᠳ ᠤᠨ ᠸᠢᠴᠠᠲ ᠬᠤᠯᠪᠤᠭᠠᠨ ᠳᠤ ᠪᠠᠨ ᠪᠠᠶᠢᠳᠠᠯ ᠮᠡᠳᠡᠬᠦᠯᠳᠡᠭ᠃      ᠬᠢᠯᠢ ᠨᠤᠳᠤᠭ ᠤᠨ ᠢᠶᠠᠨ ᠡᠩᠭᠡ ᠶᠢᠨ ᠮᠠᠨᠠᠭᠠᠴᠢ ᠪᠤᠯᠵᠤ᠂ ᠬᠢᠯᠢ ᠶᠢᠨ ᠱᠤᠭᠤᠮ ᠢ ᠬᠠᠭᠠᠰ ᠨᠠᠰᠤ ᠪᠠᠷ ᠪᠠᠨ ᠰᠠᠬᠢᠭᠰᠠᠨ ᠮᠠᠯᠴᠢᠨ ᠤᠳᠤ ︽ᠬᠦᠳᠡᠯᠬᠦ ᠯᠡ ᠳᠡᠩᠭᠡᠭᠡ ᠲᠠᠢ ᠪᠠᠶᠢᠪᠠᠯ᠂ ᠬᠢᠯᠢ ᠨᠤᠳᠤᠭ ᠢᠶᠠᠨ ᠦᠷᠬᠦᠯᠵᠢᠯᠡᠨ ᠰᠠᠬᠢᠨ ᠬᠠᠮᠠᠭᠠᠯᠠᠨ᠎ᠠ᠃︾ ᠬᠡᠮᠡᠨ  ᠵᠤᠷᠢᠮᠠᠭ ᠬᠡᠯᠡᠬᠦ ᠨᠢ᠂ ᠳᠡᠬᠦᠨ ᠲᠠᠢ ᠠᠳᠠᠯᠢ ᠡᠬᠡ ᠤᠯᠤᠰ ᠡᠯᠢᠬᠡᠨ ᠨᠤᠳᠤᠭ ᠲᠦᠮᠡᠨ ᠤᠯᠠᠨ ᠢᠶᠠᠨ ᠬᠡᠰᠡᠨ ᠬᠢᠯᠢ ᠶᠢᠨ ᠬᠠᠮᠠᠭᠠᠯᠠᠭᠴᠢᠳ᠂ ᠬᠢᠯᠢ ᠨᠤᠳᠤᠭ ᠤᠨ ᠵᠤᠨ ᠤᠯᠠᠨ ᠤ ᠴᠢᠩ ᠰᠡᠳᠬᠢᠯ ᠤᠨ ᠦᠬᠡ ᠭᠡᠯᠳᠡᠢ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号