ᠬᠤᠵᠢᠭᠢᠷ ᠲᠠᠰ ᠢ ᠡᠬᠡ ᠪᠠᠶᠢᠭᠠᠯᠢ ᠳᠤ ᠨᠢ ᠪᠤᠴᠠᠭᠠᠯ᠎ᠠ
ᠨᠡᠶᠢᠲᠡᠯᠡᠭᠰᠡᠨ ᠴᠠᠭ᠄
2024/5/23
     ᠣᠶᠢᠷ᠎ᠠ ᠶᠢᠨ ᠵᠢᠯ᠂ ᠮᠠᠨ ᠤ ᠬᠤᠰᠢᠭᠤ ᠮᠠᠯ ᠪᠡᠯᠴᠢᠭᠡᠷ ᠤᠨ ᠳᠡᠩᠴᠡᠬᠦᠷᠢ ᠶᠢ ᠪᠠᠳᠤᠯᠠᠬᠤ ᠵᠡᠷᠭᠡ ᠠᠮᠢ ᠠᠬᠤᠶ  ᠶᠢ ᠬᠠᠮᠠᠭᠠᠯᠠᠨ ᠰᠡᠷᠭᠦᠭᠡᠬᠦ ᠠᠷᠭ᠎ᠠ ᠬᠡᠮᠵᠢᠶ᠎ᠡ ᠶᠢ ᠢᠳᠡᠪᠬᠢᠲᠡᠶ ᠬᠡᠷᠡᠭᠵᠢᠭᠦᠯᠵᠦ᠂ ᠪᠠᠶᠢᠭᠠᠯᠢ ᠠᠬᠤᠶ ᠡᠳᠦᠷ ᠢᠷᠡᠬᠦᠶ᠎ᠡ ᠰᠠᠶᠢᠵᠢᠷᠠᠵᠤ᠂ ᠡᠯ᠎ᠡ ᠲᠥᠷᠥᠯ ᠤᠨ ᠬᠡᠭᠡᠷ᠎ᠡ ᠶᠢᠨ ᠠᠮᠢᠲᠠᠨ ᠤᠯᠠᠮ ᠢᠶᠠᠷ ᠤᠯᠠᠰᠢᠷᠠᠵᠤ ᠪᠠᠶᠢᠭ᠎ᠠ ᠶᠤᠮ᠃ ᠣᠶᠢᠷ᠎ᠠ ᠳᠤ ᠂ ᠬᠤᠰᠢᠭᠤ ᠳᠣᠲᠣᠭᠠᠳᠤ ᠶᠢ ᠬᠠᠮᠠᠭᠠᠯᠠᠬᠤ ᠳᠤᠪᠴᠢᠶᠠᠨ ᠤ ᠠᠮᠢ ᠠᠬᠤᠢ ᠶᠢᠨ ᠣᠷᠴᠢᠨ ᠲᠣᠭᠤᠷᠢᠨ ᠢᠳᠡᠭᠡᠨ ᠪᠠ ᠡᠮ ᠤᠨ ᠵᠦᠢᠯᠡᠰ ᠤᠨ ᠳᠤᠷᠰᠢᠨ ᠪᠠᠶᠢᠴᠠᠭᠠᠬᠤ ᠶᠡᠭᠡ ᠠᠩᠭᠢ ᠠᠪᠤᠷᠠᠨ ᠳᠡᠩᠭᠡᠷᠡᠬᠦᠯᠦᠭᠰᠡᠨ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠠᠮᠢᠲᠠᠨ ᠬᠤᠵᠢᠭᠢᠷ ᠲᠠᠰ ᠢ ᠡᠬᠡ ᠪᠠᠶᠢᠭᠠᠯᠠᠢ ᠳᠤ ᠨᠢ ᠪᠤᠴᠠᠭᠠᠯ᠎ᠠ᠃      ᠠᠷᠠᠳ ᠤᠨ ᠴᠠᠭᠳᠠᠭ᠎ᠠ ᠨᠠᠷ ᠮᠠᠰᠢᠨ ᠢᠶᠠᠷ ᠬᠤᠶᠠᠷ ᠴᠠᠭ ᠭᠠᠷᠤᠢ ᠠᠶᠠᠯᠠᠵᠤ ᠪᠠᠶᠢᠵᠤ ᠡᠷᠢᠶᠡᠨᠨᠠᠭᠤᠷ ᠰᠤᠮᠤᠨ ᠤ ᠬᠠᠷᠢᠶᠠᠨ ᠳᠤ ᠬᠦᠷᠦᠭᠡᠳ᠂ ᠬᠤᠶᠠᠷ ᠰᠠᠷ᠎ᠠ ᠭᠠᠷᠤᠢ ᠠᠷᠠᠴᠢᠯᠠᠵᠤ ᠳᠡᠩᠭᠡᠷᠡᠬᠦᠯᠦᠭᠰᠡᠨ ᠬᠤᠵᠢᠬᠢᠷ ᠳᠠᠰ ᠢ ᠡᠬᠡ ᠪᠠᠶᠢᠭᠠᠯᠢ ᠳᠤ ᠨᠢ ᠳᠠᠯᠪᠢᠵᠤ ᠶᠠᠪᠤᠭᠤᠯᠤᠯ᠎ᠠ᠃ ᠬᠦᠴᠦᠳᠦ ᠳᠠᠯᠠᠪᠴᠢ ᠪᠠᠨ ᠳᠡᠯᠭᠡᠨ ᠳᠡᠪᠳᠡᠷᠢᠨ ᠨᠢᠰᠬᠦ ᠶᠢ ᠵᠠᠪᠳᠤᠭᠰᠠᠨ ᠢᠶᠠᠨ ᠡᠷᠬᠢᠨ ᠡᠷᠬᠢᠨ ᠬᠠᠷᠠᠵᠤ ᠰᠠᠭᠤᠬᠤ ᠨᠢ ᠠᠪᠤᠷᠠᠵᠤ ᠠᠷᠠᠴᠢᠯᠠᠭᠰᠠᠨ ᠠᠷᠠᠳ ᠤᠨ ᠴᠠᠭᠳᠠᠭ᠎ᠠ ᠨᠠᠷ  ᠠᠴᠠ ᠰᠠᠯᠵᠤ ᠶᠠᠳᠠᠨ ᠪᠠᠶᠢᠭ᠎ᠠ ᠮᠡᠳᠦ᠃ ᠳᠠᠯᠢ ᠵᠢᠬᠦᠷ ᠢᠶᠠᠨ ᠳᠡᠯᠭᠡᠨ ᠨᠢᠰᠦᠨ ᠬᠤᠯᠠᠳᠠᠬᠤ ᠪᠠᠷ᠎ᠠ ᠶᠢ ᠨᠢ ᠬᠠᠷᠠᠨ ᠬᠤᠴᠤᠷᠤᠭᠰᠠᠨ ᠠᠷᠠᠳ ᠤᠨ ᠴᠠᠭᠳᠠᠭ᠎ᠠ ᠰᠠᠯᠵᠤ ᠶᠠᠳᠠᠨ ᠪᠠᠶᠢᠭ᠎ᠠ ᠴᠦ ᠰᠡᠳᠬᠢᠯ ᠪᠠᠶᠠᠷᠳᠠᠢ ᠪᠠᠶᠢᠯ᠎ᠠ᠃      ᠬᠤᠰᠢᠭᠤ ᠳᠣᠲᠣᠭᠠᠳᠤ ᠶᠢ ᠬᠠᠮᠠᠭᠠᠯᠠᠬᠤ ᠳᠤᠪᠴᠢᠶᠠᠨ ᠤ ᠠᠮᠢ ᠠᠬᠤᠢ ᠶᠢᠨ ᠣᠷᠴᠢᠨ ᠲᠣᠭᠤᠷᠢᠨ ᠢᠳᠡᠭᠡᠨ ᠪᠠ ᠡᠮ ᠤᠨ ᠵᠦᠢᠯᠡᠰ ᠤᠨ ᠳᠤᠷᠰᠢᠨ ᠪᠠᠶᠢᠴᠠᠭᠠᠬᠤ ᠶᠡᠭᠡ ᠠᠩᠭᠢ ᠤᠬᠠᠭᠤᠯᠭ᠎ᠠ ᠵᠢᠯᠤᠭᠤᠳᠤᠯᠭ᠎ᠠ ᠶᠢ ᠴᠢᠩᠭᠠᠳᠬᠠᠵᠤ᠂ ᠠᠷᠠᠳ ᠤᠯᠠᠨ ᠤ ᠪᠠᠶᠢᠭᠠᠯᠢ ᠠᠬᠤᠢ᠂ ᠠᠮᠢᠳᠠᠨ ᠭᠤᠤᠯᠳᠠᠨ ᠢᠶᠠᠨ ᠬᠠᠶᠢᠷᠠᠯᠠᠨ ᠬᠠᠮᠠᠭᠠᠯᠠᠬᠤ ᠤᠬᠠᠮᠰᠠᠷ ᠢ ᠤᠯᠠᠮ ᠳᠡᠭᠡᠭᠰᠢᠯᠡᠬᠦᠯᠵᠦ᠂ ᠣᠶᠢᠷ᠎ᠠ ᠶᠢᠨ ᠨᠢᠭᠡ ᠵᠢᠯ ᠳᠤ᠂ ᠤᠯᠤᠰ ᠤᠨ ᠨᠢᠭᠡᠳᠦᠭᠡᠷ ᠳᠡᠰ ᠤᠨ ᠬᠡᠭᠡᠷ᠎ᠡ ᠶᠢᠨ ᠠᠮᠢᠲᠠᠨ ᠠᠯᠲᠠᠨ ᠪᠦᠷᠭᠦᠳ᠂ ᠬᠤᠵᠢᠭᠢᠷ ᠲᠠᠰ᠂ ᠠᠪᠠ ᠶᠢᠨ ᠬᠠᠷᠴᠠᠭᠠᠶ ᠵᠡᠷᠭᠡ ᠲᠦᠷᠦᠯ 12᠂ ᠤᠯᠤᠰ ᠤᠨ ᠬᠤᠶᠠᠳᠤᠭᠠᠷ ᠳᠡᠰ ᠤᠨ ᠬᠡᠭᠡᠷ᠎ᠡ ᠶᠢᠨ ᠠᠮᠢᠲᠠᠨ ᠣᠭᠤᠯᠢ᠂ ᠳᠤᠭᠤᠷᠤᠤ᠂ ᠳᠡᠭᠡᠯᠡᠢ ᠰᠢᠪᠠᠭᠤ ᠵᠡᠷᠭᠡ ᠲᠦᠷᠦᠯ 6᠂ ᠤᠯᠤᠰ ᠤᠨ ᠭᠤᠷᠪᠠᠳᠤᠭᠠᠷ ᠳᠡᠰ ᠤᠨ ᠬᠡᠭᠡᠷ᠎ᠡ ᠶᠢᠨ ᠠᠮᠢᠲᠠᠨ ᠯᠠᠮ᠎ᠠ ᠰᠢᠪᠠᠭᠤ ᠵᠡᠷᠭᠡ ᠲᠦᠷᠦᠯ 3᠂ ᠨᠡᠶᠢᠲᠡ 21 ᠶᠢ ᠠᠪᠤᠷᠠᠨ ᠳᠡᠩᠭᠡᠷᠡᠬᠦᠯᠵᠦ ᠠᠮᠤᠷ ᠮᠡᠨᠳᠦ ᠡᠬᠡ ᠪᠠᠶᠢᠭᠠᠯᠢ ᠳᠤ ᠨᠢ ᠪᠤᠴᠠᠭᠠᠵᠠᠢ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号