ᠪᠡᠭᠡᠵᠢᠩ ᠬᠤᠲᠠ ᠶᠢᠨ ᠪᠥᠸᠧ ᠰᠢᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠯᠤᠭ᠎ᠠ ᠶᠢᠨ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠶᠠᠷᠢᠯᠴᠠᠬᠤ ᠬᠤᠷᠠᠯ ᠵᠢᠴᠢ 2024 ᠣᠨ ᠤ ᠪᠠᠯᠭᠠᠰᠤ ᠵᠡᠭᠡᠯᠢ ᠶᠢᠨ ᠬᠠᠮᠵᠢᠯᠴᠠᠭᠠᠨ ᠤ ᠵᠥᠪᠯᠡᠯᠴᠡᠭᠡᠷ ᠲᠤ ᠭᠠᠷ ᠤᠨ ᠥᠰᠥᠭ ᠵᠢᠷᠤᠬᠤ ᠶᠣᠰᠣᠯᠠᠯ ᠶᠠᠪᠤᠭᠳᠠᠭᠰᠠᠨ
ᠨᠡᠶᠢᠲᠡᠯᠡᠭᠰᠡᠨ ᠴᠠᠭ᠄
2024/5/23
     ᠤᠶᠢᠷ᠎ᠠ ᠳᠤ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤ ᠳᠠᠷᠤᠭ᠎ᠠ ᠸᠠᠩ ᠵᠠᠨ ᠴᠢ ᠪᠡᠭᠡᠵᠢᠩ ᠬᠤᠲᠠ ᠶᠢᠨ ᠪᠥᠸᠧ ᠰᠢᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠯᠤᠭ᠎ᠠ ᠶᠢᠨ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠶᠠᠷᠢᠯᠴᠠᠬᠤ ᠬᠤᠷᠠᠯ ᠵᠢᠴᠢ 2024 ᠣᠨ ᠤ ᠪᠠᠯᠭᠠᠰᠤ ᠵᠡᠭᠡᠯᠢ ᠶᠢᠨ ᠬᠠᠮᠵᠢᠯᠴᠠᠭᠠᠨ ᠤ ᠵᠥᠪᠯᠡᠯᠴᠡᠭᠡᠷ ᠲᠤ ᠭᠠᠷ ᠤᠨ ᠥᠰᠥᠭ ᠵᠢᠷᠤᠬᠤ ᠶᠣᠰᠣᠯᠠᠯ ᠢ ᠡᠷᠭᠢᠯᠡᠨ ᠶᠠᠪᠤᠭᠳᠠᠭᠤᠯᠵᠠᠢ᠃       ᠪᠡᠭᠡᠵᠢᠩ ᠬᠤᠲᠠ ᠶᠢᠨ ᠪᠥᠸᠧ ᠰᠢᠩ ᠵᠡᠭᠡᠯᠢ ᠭᠤᠳᠤᠮᠵᠢ ᠶᠢᠨ ᠠᠵᠢᠯ ᠤᠨ ᠬᠤᠷᠢᠶᠠᠨ ᠤ ᠱᠦᠵᠢ᠂ ᠠᠷᠠᠳ  ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠬᠤᠷᠢᠶᠠᠨ ᠤ ᠡᠷᠬᠢᠯᠡᠭᠴᠢ ᠡᠦ ᠪᠥᠸᠧ ᠵᠢᠶᠦ᠋ᠨ ᠨᠡᠷ ᠵᠢᠴᠢ ᠬᠤᠰᠢᠭᠤ ᠤᠳᠤᠷᠢᠳᠤᠯᠭ᠎ᠠ ᠯᠢ ᠭᠦᠸᠧ ᠴᠢᠩ᠂ ᠬᠤᠰᠢᠭᠤ ᠰᠢᠭᠤᠳ ᠬᠠᠷᠢᠶ᠎ᠠ ᠬᠠᠮᠢᠶ᠎ᠠ ᠪᠥᠬᠦᠶ ᠰᠠᠯᠠᠭ᠎ᠠ ᠮᠥᠴᠢᠷ᠂ ᠰᠤᠮᠤ ᠪᠠᠯᠭᠠᠰᠤ᠂ ᠭᠠᠴᠠᠭ᠎ᠠ ᠲᠣᠰᠬᠤᠨ ᠤ ᠬᠠᠷᠢᠭᠤᠴᠠᠯᠭᠠᠲᠠᠨ ᠬᠤᠷᠠᠯ ᠳᠤ ᠣᠷᠣᠯᠴᠠᠪᠠ᠃      ᠸᠠᠩ ᠵᠠᠨ ᠴᠢ ᠬᠤᠷᠠᠯ ᠳᠤ ᠢᠯᠡᠷᠭᠡᠶᠢᠯᠡᠬᠦ ᠳᠤ ᠪᠠᠨ᠂ 2021 ᠣᠨ ᠳᠤ ᠠᠵᠤ ᠠᠬᠤᠢ ᠶᠢᠨ ᠨᠡᠭᠡᠭᠡᠯᠳᠡ  ᠶᠢᠨ ᠣᠷᠣᠨ ᠢᠶᠠᠷ ᠳᠠᠮᠵᠢᠨ ᠮᠠᠨ ᠤ ᠬᠤᠰᠢᠭᠤ ᠶᠢ ᠬᠠᠪᠰᠤᠷᠤᠨ ᠲᠡᠳᠬᠦᠭᠰᠡᠨ ᠠᠴᠠ ᠨᠠᠭᠠᠰᠢ᠂ ᠪᠥᠸᠧ ᠰᠢᠩ ᠵᠡᠭᠡᠯᠢ ᠭᠤᠳᠤᠮᠵᠢ ᠶᠢᠨ ᠬᠢᠨ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠬᠠᠪᠰᠤᠷᠤᠨ ᠲᠡᠳᠬᠦᠭᠰᠡᠨ ᠦᠷ᠎ᠡ ᠪᠦᠲᠦᠮᠵᠢ ᠢᠯᠡᠷᠬᠡᠢ ᠪᠠᠶᠢᠵᠤ᠂ ᠪᠦᠬᠦ ᠬᠤᠰᠢᠭᠤᠨ ᠤ ᠤᠯᠠᠨ ᠲᠦᠮᠡᠨ ᠳᠤ ᠨᠡᠶᠢᠳᠡᠮ ᠮᠡᠳᠡᠷᠡᠭᠳᠡᠪᠡ᠃ ᠬᠤᠶᠢᠰᠢᠳᠠ ᠶᠢᠨ ᠠᠵᠢᠯ ᠳᠤᠮᠳᠠ ᠮᠠᠨ ᠤ ᠬᠤᠰᠢᠭᠤᠨ ᠤ ᠬᠢᠨ ᠥᠩᠭᠡᠷᠡᠭᠰᠡᠨ ᠲᠠᠢ ᠪᠠᠨ ᠠᠳᠠᠯᠢ ᠪᠠᠷ ᠡᠯ᠎ᠡ ᠵᠦᠶᠯ ᠤᠨ ᠬᠠᠪᠰᠤᠷᠤᠨ ᠲᠡᠳᠬᠦᠬᠦ ᠵᠦᠶᠯᠡᠰ ᠢ ᠰᠠᠶᠢᠲᠤᠷ ᠨᠠᠶᠢᠳᠠᠪᠤᠷᠢᠵᠢᠭᠤᠯᠤᠨ᠂ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠵᠢᠷᠭᠤᠭᠠᠨ 《 ᠳᠠᠬᠢᠨ ᠢᠶᠠᠷ ᠨᠡᠮᠡᠭᠳᠡᠭᠦᠯᠬᠦ ᠲᠥᠯᠥᠪᠯᠡᠭᠡ 》 ᠶᠢᠨ ᠲᠣᠭᠤᠷᠢᠨ ᠳᠤ᠂ ᠪᠥᠸᠧ ᠰᠢᠩ ᠵᠡᠭᠡᠯᠢ ᠭᠤᠳᠤᠮᠵᠢ ᠵᠢᠴᠢ ᠡᠯ᠎ᠡ ᠨᠡᠶᠢᠭᠡᠮ ᠲᠣᠭᠤᠷᠢᠭ ᠲᠠᠢ ᠪᠦᠲᠦᠮᠵᠢᠲᠡᠶ ᠵᠣᠯᠭᠠᠭᠤᠯᠬᠤ ᠶᠢ ᠦᠷᠭᠦᠯᠵᠢᠯᠡᠨ ᠴᠢᠩᠭᠠᠳᠬᠠᠵᠤ᠂ ᠰᠤᠷᠭᠠᠨ ᠬᠦᠮᠦᠵᠢᠯ᠂ ᠡᠮ ᠡᠮᠨᠡᠯᠬᠡ᠂ ᠮᠠᠯ ᠳᠠᠷᠢᠶᠠᠯᠠᠩ ᠤᠨ ᠪᠦᠲᠦᠭᠡᠭᠳᠡᠬᠦᠨ ᠤ ᠪᠣᠷᠣᠯᠠᠭᠤᠯᠭ᠎ᠠ᠂ ᠵᠤᠭᠠᠴᠠᠯ᠂ ᠠᠵᠤ ᠦᠢᠯᠡᠰ ᠤᠨ ᠬᠠᠮᠲᠤᠷᠠᠯᠴᠠᠭ᠎ᠠ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠵᠡᠷᠭᠡ ᠲᠠᠯ᠎ᠠ ᠪᠠᠷ ᠬᠤᠶᠠᠷ ᠲᠠᠯ᠎ᠠ ᠪᠠᠷ  ᠢᠶᠠᠨ ᠳᠠᠪᠠᠭᠤᠯᠢᠭ ᠢᠶᠠᠨ ᠬᠠᠷᠢᠯᠴᠠᠨ ᠨᠦᠬᠦᠪᠦᠷᠢᠯᠡᠵᠦ᠂ ᠬᠠᠷᠢᠯᠴᠠᠨ ᠠᠰᠢᠭ ᠬᠦᠷᠳᠡᠵᠦ ᠬᠠᠮᠳᠤᠪᠡᠷ ᠴᠢᠷᠮᠠᠶᠢᠨ᠂ ᠪᠥᠸᠧ ᠰᠢᠩ ᠵᠡᠭᠡᠯᠢ ᠭᠤᠳᠤᠮᠵᠢ ᠶᠢᠨ ᠪᠢᠳᠡᠨ ᠳᠤ ᠦᠵᠡᠬᠦᠯᠦᠭᠰᠡᠨ ᠬᠠᠪᠰᠤᠷᠤᠯᠭ᠎ᠠ ᠶᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠬᠦᠴᠦᠷᠬᠡᠭ ᠶᠡᠭᠡ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠪᠥᠬᠦ ᠲᠠᠯ᠎ᠠ ᠶᠢᠨ ᠴᠢᠨᠠᠷ ᠰᠠᠶᠢᠲᠠᠶ ᠬᠠᠮᠵᠢᠯᠴᠠᠭᠠᠨ ᠤ ᠰᠢᠨ᠎ᠡ ᠪᠠᠶᠢᠳᠠᠯ ᠢ ᠲᠠᠰᠤᠷᠠᠯᠲᠠ ᠥᠬᠡᠶ ᠡᠭᠦᠳᠬᠦ ᠪᠤᠯᠤᠨ᠎ᠠ ᠬᠡᠵᠡᠢ᠃      ᠦ᠋ ᠪᠥᠸᠧ ᠵᠢᠶᠦ᠋ᠨ ᠢᠯᠡᠷᠬᠡᠶᠢᠯᠡᠬᠦ ᠳᠡᠭᠡᠨ᠂ ᠪᠥᠸᠧ ᠰᠢᠩ ᠵᠡᠭᠡᠯᠢ ᠭᠤᠳᠤᠮᠵᠢ ᠪᠣᠯᠤᠨ ᠰᠥᠨᠢᠳ ᠪᠠᠷᠠᠭᠤᠨ ᠬᠤᠰᠢᠭᠤ᠂ ᠵᠡᠭᠦᠨ ᠪᠠᠷᠠᠭᠤᠨ ᠬᠡᠰᠡᠭ ᠤᠨ ᠬᠠᠮᠵᠢᠯᠴᠠᠭ᠎ᠠ ᠶᠢ ᠥᠷᠨᠢᠭᠦᠯᠬᠦ ᠲᠤᠬᠠᠶ ᠨᠠᠮ ᠤᠨ ᠲᠥᠪ ᠬᠤᠷᠢᠶᠠᠨ ᠤ ᠰᠢᠶᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠭᠦᠨᠵᠡᠭᠡᠶ ᠳᠤᠤᠱᠯᠠᠭᠤᠯᠤᠨ ᠨᠠᠶᠢᠳᠠᠪᠤᠷᠢᠵᠢᠭᠤᠯᠵᠤ᠂ ᠡᠯ᠎ᠡ ᠵᠦᠶᠯ ᠤᠨ ᠠᠵᠢᠯ ᠳᠤ ᠬᠢᠯᠠᠯᠵᠠᠮ᠎ᠠ ᠠᠮᠵᠢᠯᠳᠠ ᠪᠠᠶᠢᠭᠤᠯᠪᠠ᠃ ᠲᠠᠷᠠᠭᠠᠴᠢ ᠶᠢᠨ ᠠᠯᠬᠤᠮ ᠳᠤ᠂ ᠰᠥᠨᠢᠳ ᠪᠠᠷᠠᠭᠤᠨ ᠬᠤᠰᠢᠭᠤ ᠯᠤᠭ᠎ᠠ ᠶᠢᠨ ᠰᠣᠯᠢᠯᠴᠠᠭ᠎ᠠ ᠵᠤᠯᠭᠠᠯᠴᠠᠭ᠎ᠠ ᠪᠠᠨ ᠤᠯᠠᠮ ᠨᠢᠭᠡ ᠠᠯᠬᠤᠮ ᠴᠢᠩᠭᠠᠳᠬᠠᠵᠤ᠂ ᠣᠷᠣᠨ ᠨᠤᠲᠤᠭ  ᠤᠨ ᠬᠡᠷᠡᠭᠴᠡᠭᠡ ᠶᠢ ᠴᠠᠭ ᠲᠤᠬᠠᠶ ᠳᠤᠨᠢ ᠣᠶᠢᠯᠠᠭᠠᠵᠤ᠂ ᠬᠤᠶᠠᠷ ᠲᠠᠯ᠎ᠠ ᠶᠢᠨ ᠳᠠᠪᠠᠭᠤᠯᠢᠭ ᠢᠶᠠᠨ ᠪᠠᠳᠠᠷᠠᠭᠤᠯᠵᠤ᠂ ᠬᠠᠷᠢᠯᠴᠠᠨ ᠰᠤᠷᠤᠯᠴᠠᠵᠤ ᠬᠠᠷᠢᠯᠴᠠᠨ ᠠᠬᠢᠭᠤᠯᠵᠤ᠂ ᠦᠷ᠎ᠡ ᠪᠦᠲᠦᠭᠡᠯ ᠢᠶᠠᠨ ᠪᠠᠬᠢᠵᠢᠭᠦᠯᠬᠦ ᠲᠠᠯ᠎ᠠ ᠪᠠᠷ ᠳᠠᠬᠢᠨ ᠴᠢᠩᠭᠠᠳᠬᠠᠵᠤ᠂ ᠬᠥᠭᠵᠢᠯᠲᠡ ᠶᠢ ᠲᠥᠯᠥᠪᠵᠢᠭᠦᠯᠬᠦ ᠲᠠᠯ᠎ᠠ ᠪᠠᠷ ᠳᠠᠬᠢᠨ ᠬᠦᠴᠦᠯᠡᠵᠦ᠂ ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠬᠦ ᠲᠠᠯ᠎ᠠ ᠪᠠᠷ ᠳᠠᠬᠢᠨ ᠳᠡᠭᠡᠭᠰᠢᠯᠡᠭᠦᠯᠵᠦ᠂ ᠬᠤᠶᠠᠷ ᠭᠠᠵᠠᠷ ᠤᠨ ᠬᠠᠮᠲᠤᠷᠠᠯᠴᠠᠭ᠎ᠠ ᠬᠠᠮᠵᠢᠯᠴᠠᠭᠠᠨ ᠤ ᠦᠷ᠎ᠡ ᠪᠦᠲᠦᠭᠡᠯ ᠢ ᠠᠬᠢᠭᠤᠯᠤᠨ᠎ᠠ ᠬᠡᠵᠡᠢ᠃      ᠬᠤᠷᠠᠯ ᠠᠴᠠ 2023 ᠣᠨ ᠤ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠠᠵᠢᠯ ᠤᠨ ᠠᠬᠢᠴᠠ  ᠶᠢᠨ ᠪᠠᠶᠢᠳᠠᠯ᠂ ᠵᠢᠷᠦᠬᠡ ᠪᠠᠯᠭᠠᠰᠤ᠂ ᠦᠷᠭᠡᠨᠳᠡᠯ᠎ᠡ ᠪᠠᠯᠭᠠᠰᠤ᠂ ᠡᠷᠢᠶᠡᠨᠨᠠᠭᠤᠷ ᠰᠤᠮᠤ ᠪᠣᠯᠤᠨ ᠪᠥᠸᠧ ᠰᠢᠩ ᠵᠡᠭᠡᠯᠢ ᠭᠤᠳᠤᠮᠵᠢ ᠶᠢᠨ ᠬᠠᠮᠵᠢᠯᠴᠠᠭᠠᠨ ᠤ ᠠᠵᠢᠯ ᠤᠨ ᠪᠠᠶᠢᠳᠠᠯ ᠪᠠ ᠲᠠᠷᠠᠭᠠᠴᠢ ᠶᠢᠨ ᠠᠯᠬᠤᠮ ᠤᠨ ᠬᠠᠪᠰᠤᠷᠤᠨ ᠲᠡᠳᠬᠦᠬᠦ ᠬᠡᠷᠡᠭᠴᠡᠭᠡ ᠱᠠᠭᠠᠷᠳᠠᠯᠭ᠎ᠠ᠂ ᠪᠥᠸᠧ ᠰᠢᠩ ᠵᠡᠭᠡᠯᠢ ᠭᠤᠳᠤᠮᠵᠢ ᠶᠢᠨ ᠬᠠᠪᠰᠤᠷᠤᠨ ᠲᠡᠳᠬᠦᠬᠦ ᠠᠵᠢᠯ ᠥᠷᠨᠢᠭᠦᠯᠦᠭᠰᠡᠨ ᠪᠠᠶᠢᠳᠠᠯ ᠵᠡᠷᠭᠡ ᠶᠢ ᠰᠤᠨᠤᠰᠴᠤ᠂ ᠪᠥᠸᠧ ᠰᠢᠩ ᠵᠡᠭᠡᠯᠢ ᠭᠤᠳᠤᠮᠵᠢ 3 ᠰᠤᠮᠤ ᠪᠠᠯᠭᠠᠰᠤ ᠲᠠᠢ ᠣᠨ ᠤ ᠵᠥᠪᠯᠡᠯᠴᠡᠭᠡᠷ ᠲᠣᠭᠲᠠᠭᠰᠠᠨ ᠤ ᠬᠠᠮᠳᠤ ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠪᠠᠯᠠ ᠮᠥᠩᠭᠦ ᠬᠠᠨᠳᠢᠪᠯᠠᠪᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号