ᠴᠢᠨᠠᠷᠯᠢᠭ ᠬᠦᠭᠵᠢᠯᠲᠡ ᠶᠢ ᠡᠷᠢᠯᠬᠢᠯᠡᠵᠦ ᠬᠤᠣᠰ ᠥᠷ᠎ᠡ ᠠᠰᠢᠭ ᠢ ᠡᠭᠦᠳᠦᠨ᠎ᠡ                                          ᠊᠊᠊᠊᠊᠊᠊᠊᠊᠊᠊᠊᠊᠊᠊᠊᠊᠊᠊᠊᠊  ᠮᠠᠯᠴᠢᠨ ᠨᠠᠷᠠᠨ᠎ᠠ ᠶᠢᠨ ᠲᠠᠳ᠋᠊
ᠨᠡᠶᠢᠲᠡᠯᠡᠭᠰᠡᠨ ᠴᠠᠭ᠄
2024/3/7
     ︽ᠰᠢᠯᠵᠢᠭᠦᠯᠥᠯᠲᠡ ᠬᠤᠪᠢᠷᠠᠭᠤᠯᠤᠯᠲᠠ ᠶᠢᠨ ᠬᠤᠤᠰ ᠥᠷ᠎ᠡ ᠠᠰᠢᠭ︾᠎ ᠤᠨ ᠤᠷᠢᠶᠠᠯᠠᠭ᠎ᠠ ᠨᠢ ᠮᠠᠯᠵᠢᠬᠤ ᠲᠠᠷᠢᠶᠠᠯᠠᠬᠤ ᠤᠷᠤᠨ ᠤ ᠥᠢᠯᠡᠳᠪᠦᠷᠢᠯᠡᠯ ᠡᠵᠡᠩᠨᠡᠯᠲᠡ ᠶᠢᠨ ᠠᠷᠭ᠎ᠠ ᠪᠠᠷᠢᠯ ᠢᠶᠠᠨ ᠬᠤᠪᠢᠷᠠᠭᠤᠯᠬᠤ ᠠᠮᠢ ᠠᠬᠤᠢ ᠶᠢᠨ ᠮᠠᠯ ᠠᠵᠤ ᠠᠬᠤᠢ ᠶᠢᠨ ᠵᠠᠮ ᠢᠶᠠᠷ ᠵᠠᠮᠨᠠᠵᠤ ᠠᠵᠤ ᠠᠬᠤᠢ ᠠᠮᠢ ᠠᠬᠤᠢ ᠶᠢᠨ ᠬᠤᠤᠰ ᠥᠷ᠎ᠡ ᠠᠰᠢᠭ ᠢ ᠡᠭᠦᠳᠬᠦ ᠶᠢ ᠤᠷᠢᠶᠠᠯᠠᠵᠤ ᠨᠡᠩ ᠤᠯᠠᠨ ᠮᠠᠯᠴᠢᠳ ᠡᠨᠡᠬᠦ ᠶᠡᠭᠡ ᠴᠡᠷᠢᠭᠵᠢᠯ ᠤᠨ ᠤᠷᠤᠰᠬᠠᠯ ᠳᠤ ᠥᠵᠡᠰᠬᠦᠯᠡᠩᠲᠦ ᠬᠦᠳᠡᠭᠡ ᠤᠷᠤᠨ ᠤ ᠴᠡᠴᠡᠭᠯᠡᠯᠡᠲᠡ ᠳᠤ ᠨᠡᠶᠢᠲᠡᠯᠢᠭ ᠵᠢᠱᠢᠶ᠎ᠡ ᠪᠤᠯᠵᠤ ᠪᠣᠢ  ᠃ᠡᠭᠦᠨ ᠤ ᠨᠢᠭᠡᠨ ᠪᠣᠯ ᠰᠦᠨᠢᠳ ᠪᠠᠷᠠᠭᠤᠨ ᠬᠤᠰᠢᠭᠤᠨ ᠤ ᠰᠠᠩᠪᠤᠯᠠᠭ ᠰᠤᠮᠤᠨ ᠤ ᠰᠢᠨᠡᠪᠤᠯᠠᠭ ᠭᠠᠴᠠᠭᠠᠨ ᠤ ᠮᠠᠯᠴᠢᠨ ᠨᠠᠷᠠᠨ᠎ᠠ ᠲᠤᠷᠠᠳᠤᠭᠳᠠᠬᠤ ᠶᠤᠰᠤᠲᠠᠢ᠃      ᠲᠡᠲᠡᠨᠡᠶᠢᠬᠢᠨ ᠨᠤᠲᠤᠭ ᠪᠡᠯᠴᠢᠭᠡᠷ ᠢᠪᠴᠤᠤ ᠬᠦᠳᠡᠯᠮᠥᠷᠢ ᠬᠦᠴᠦᠨ ᠮᠡᠬᠦᠰ ᠮᠠᠯ ᠤᠨ ᠲᠦᠷᠦᠯ ᠤᠯᠠᠨ ᠪᠤᠳᠠᠳᠤ ᠪᠠᠶᠢᠲᠠᠯ ᠢᠶᠠᠨ ᠥᠨᠳᠦᠰᠦᠯᠡᠨ ᠬᠠᠭᠠᠰ ᠪᠡᠯᠴᠢᠭᠡᠷᠯᠡᠬᠦᠯᠦᠨ ᠬᠠᠭᠠᠰ ᠲᠡᠵᠢᠭᠡᠬᠦ ᠡᠵᠡᠩᠨᠡᠯᠲᠡ ᠶᠢᠨ ᠠᠷᠭ᠎ᠠ ᠮᠠᠶ᠋ᠢᠭ ᠪᠠ ᠮᠠᠯ ᠠᠵᠤ ᠠᠬᠤᠢ ᠶᠢᠨ ᠮᠠᠰᠢᠨᠴᠢᠯᠠᠯᠠᠲᠠ ᠮᠧᠬᠠᠨᠢᠭ ᠲᠤ ᠲᠥᠰᠢᠭᠯᠡᠨ ᠭᠠᠮᠰᠢᠭ ᠠᠴᠠ ᠵᠠᠶᠢᠯᠠᠰᠬᠢᠬᠦ ᠥᠨᠳᠦᠷ ᠥᠷ᠎ᠡ ᠠᠰᠢᠭᠲᠤ ᠠᠮᠢ ᠠᠬᠤᠢ ᠶᠢᠨ ᠮᠠᠯ ᠠᠵᠤ ᠠᠬᠤᠢ ᠶᠢᠨ ᠲᠠᠭᠤᠷᠢᠶᠠᠯ ᠡᠷᠦᠬᠡ ᠪᠤᠯᠤᠭᠰᠠᠨ ᠪᠠᠶᠢᠨ᠎ᠠ  ᠃      ᠤᠷᠴᠢᠮ ᠤᠨ ᠬᠤᠶᠠᠷ ᠵᠢᠯ ᠲᠡᠷᠡ ᠥᠪᠡᠷ ᠤᠨ ᠲᠠᠭᠠᠭᠠᠴᠢᠯᠠᠭᠰᠠᠨ 1590 ᠮᠦ ᠨᠤᠲᠤᠭ ᠪᠡᠯᠴᠢᠭᠡᠷ ᠠᠴᠠ ᠭᠠᠲᠠᠨ᠎ᠠ 11000 ᠮᠦ ᠪᠡᠯᠴᠢᠭᠡᠷ ᠲᠦᠷᠢᠶᠡᠰᠦᠯᠡᠨ 6 ᠊᠊᠊᠊᠊ 7 ᠭᠡᠰᠡᠭ ᠪᠤᠯᠭᠠᠨ ᠬᠤᠪᠢᠶᠠᠵᠤ ᠰᠡᠯᠭᠦᠨ ᠮᠠᠯᠵᠢᠯ ᠤᠨ ᠵᠠᠭᠪᠤᠷ ᠢᠶᠠᠷ ᠪᠠᠶᠢᠭᠠᠯᠢ ᠶᠢᠨ ᠪᠡᠯᠴᠢᠭᠡᠷ ᠤᠨ ᠤᠷᠭᠤᠯᠲᠠ᠂ ᠨᠤᠲᠤᠭ ᠪᠡᠯᠴᠢᠭᠡᠷ ᠤᠨ ᠤᠷᠭᠤᠮᠠᠯ ᠤᠨ ᠬᠤᠴᠢᠯᠭ᠎ᠠ ᠶᠢᠨ ᠨᠢᠭᠲᠠᠴᠠ ᠪᠠ ᠤᠯᠠᠨ ᠤᠷᠭᠤᠮᠠᠯᠲᠦ ᠤᠷᠭᠤᠴᠠ ᠶᠢᠨ ᠪᠦᠷᠬᠦᠴᠡ ᠶᠢ ᠲᠡᠭᠡᠭᠰᠢᠯᠡᠭᠦᠯᠵᠦ ᠨᠤᠲᠤᠭ ᠤᠨ ᠲᠠᠭᠠᠭᠠᠴᠠ ᠶᠢ ᠪᠠᠭᠠᠰᠬᠠᠨ ᠮᠠᠯ ᠪᠡᠯᠴᠢᠭᠡᠷ ᠢ ᠲᠡᠩᠴᠡᠭᠦᠷᠢᠰᠢᠭᠦᠯᠵᠦ ᠠᠮᠢ ᠠᠬᠤᠢ ᠶᠢᠨ ᠠᠰᠢᠭᠯᠠᠮᠵᠢ ᠪᠠ ᠥᠷ᠎ᠡ ᠠᠰᠢᠭ ᠢ ᠢᠯᠡᠳᠲᠡ ᠲᠡᠭᠡᠭᠰᠢᠯᠡᠭᠦᠯᠪᠡ᠃      ᠲᠡᠷᠡ ᠮᠠᠯ ᠠᠬᠤᠢ ᠶᠢᠨ ᠪᠤᠳᠠᠭᠠᠯᠢ ᠪᠡᠶ᠎ᠡ ᠶᠢᠨ ᠡᠭᠦᠯᠲᠡᠷ ᠰᠠᠶᠢᠵᠢᠷᠠᠭᠤᠯᠤᠯᠲᠠ ᠮᠠᠰᠢᠨᠴᠢᠯᠠᠯᠠᠲᠠ ᠶᠢᠨ ᠠᠷᠭ᠎ᠠ ᠪᠠᠷᠢᠯ ᠲᠠᠢ ᠤᠷᠭᠠᠨᠢᠭ ᠢᠶᠠᠷ ᠤᠶᠠᠯᠳᠤᠭᠤᠯᠵᠤ ᠰᠠᠶᠢᠨ ᠡᠭᠦᠯᠲᠡᠷ ᠤᠨ ᠠᠳᠤᠭᠤ ᠪᠠ ᠮᠢᠬᠠᠨ ᠤ ᠥᠬᠡᠷ ᠲᠡᠵᠢᠭᠡᠬᠦ ᠪᠠᠷ ᠭᠤᠤᠯᠯᠠᠵᠤ ᠬᠦᠳᠡᠯᠮᠥᠷᠢ ᠬᠦᠴᠦᠨ ᠤ ᠬᠤᠪᠢ ᠳᠤ ᠤᠯᠤᠰ ᠤᠨ ᠨᠦᠬᠦᠪᠦᠷᠢ ᠪᠦᠬᠦᠢ ᠮᠠᠰᠢᠨ ᠪᠠᠭᠠᠵᠢ ᠶᠢ ᠢᠳᠡᠪᠬᠢᠲᠠᠢ ᠭᠤᠶᠤᠴᠢᠯᠠᠨ ᠲᠡᠮᠡᠴᠡᠨ ᠤᠯᠵᠤ ᠥᠢᠯᠡᠳᠪᠦᠷᠢᠯᠡᠯ ᠠᠮᠢᠳᠤᠷᠠᠯ ᠤᠨ ᠢᠶᠠᠨ ᠤᠨᠢᠨ ᠲᠡᠭᠡᠷ᠎ᠡ ᠨᠢ ᠬᠡᠷᠡᠭᠯᠡᠭᠰᠡᠨ ᠠᠴᠠ ᠬᠦᠳᠡᠯᠮᠥᠷᠢ ᠬᠦᠴᠦᠨ ᠢ ᠠᠷᠪᠢᠯᠠᠭᠰᠠᠨ ᠢᠶᠠᠷ ᠥᠯᠥ ᠪᠠᠷᠠᠮ ᠥᠪᠡᠷ ᠤᠨ ᠥᠷᠲᠡᠭ ᠢ ᠪᠠᠭᠤᠷᠠᠭᠤᠯᠵᠤ ᠮᠠᠯ ᠤᠨ ᠲᠠᠷᠭᠤ ᠬᠦᠴᠦ ᠶᠢ ᠪᠠᠲᠤᠯᠠᠭᠰᠠᠨ ᠠᠴᠠ ᠵᠠᠬ᠎ᠠ ᠲᠡᠯᠭᠡᠭᠦᠷ ᠤᠨ ᠪᠤᠷᠤᠯᠠᠭᠤᠯᠭ᠎ᠠ ᠵᠠᠬᠢᠶᠠᠯᠠᠭ᠎ᠠ ᠲᠡᠭᠡᠭᠰᠢᠯᠡᠵᠦ ᠤᠷᠤᠯᠭ᠎ᠠ ᠨᠢ ᠲᠤᠭᠲᠠᠭᠤᠨ ᠢᠶᠠᠷ ᠨᠡᠮᠡᠭᠳᠡᠭᠰᠡᠨ ᠪᠠᠶᠢᠨ᠎ᠠ᠃      ᠨᠠᠷᠠᠨ᠎ᠠ᠄ ︽ᠪᠢ ᠭᠠᠷ ᠤᠨ ᠮᠠᠯ ᠢᠶᠠᠨ ᠬᠠᠭᠠᠰ ᠡᠳᠦᠷ ᠲᠡᠵᠢᠭᠡᠵᠦ ᠬᠠᠭᠠᠰ ᠡᠳᠦᠷ ᠪᠡᠯᠴᠢᠭᠡᠷᠯᠡᠬᠦᠯᠦᠨ᠂ ᠠᠳᠤᠭᠤ ᠪᠠᠨ ᠡᠳᠦᠷ ᠲᠤ 20 ᠵᠢᠩ ᠰᠢᠬᠠᠮ ᠤᠨ ᠬᠤᠯᠢᠮᠠᠭ ᠲᠡᠵᠢᠭᠡᠯ ᠡᠪᠡᠰᠦ᠂ ᠥᠬᠡᠷ ᠲᠡᠭᠡᠨ ᠪᠣᠯ 25 ᠵᠢᠩ ᠭᠠᠷᠤᠢ ᠶᠢᠨ ᠡᠪᠡᠰᠦ ᠲᠡᠵᠢᠭᠡᠯ ᠥᠭᠳᠡᠭ︾ ᠬᠡᠮᠡᠨ ᠶᠠᠷᠢᠵᠤ ᠪᠠᠶᠢᠯ᠎ᠠ  ᠃      ︽ᠰᠠᠨᠠᠵᠤ ᠶᠠᠪᠤᠪᠠᠯ ᠪᠦᠲᠦᠵᠦ᠂ ᠰᠠᠵᠢᠯᠠᠵᠤ ᠶᠠᠪᠤᠪᠠᠯ ᠬᠦᠷᠦᠨ᠎ᠡ︾ ᠭᠡᠳᠡᠭ ᠢᠶᠠᠷ ᠵᠥᠪ ᠰᠡᠳᠬᠢᠴᠡ ᠠᠴᠠ ᠬᠦᠭᠵᠢᠯ ᠤᠨ ᠪᠠᠷ᠎ᠠ ᠲᠤᠲᠤᠷᠠᠨ2023 ᠤᠨ ᠳᠤ ᠲᠡᠳᠡᠨᠡᠶᠢᠬᠢᠨ 300 ᠠᠳᠤᠭᠤᠨ ᠠᠴᠠ ᠪᠠᠨ ᠲᠡᠭᠰᠢᠳᠬᠡᠭᠡᠳ 30 ᠲᠦᠮᠡᠨ ᠲᠦᠭᠦᠷᠢᠭ ᠤᠨ ᠴᠡᠪᠡᠷ ᠤᠷᠤᠯᠭ᠎ᠠ ᠤᠯᠵᠤ 70 ᠲᠤᠯᠤᠭᠠᠢ ᠥᠬᠡᠷ ᠢᠶᠠᠨ ᠬᠦᠢᠲᠡᠨ ᠬᠦᠮᠥᠷᠭᠡ ᠪᠠ ᠠᠮᠢᠳᠤ ᠮᠠᠯ ᠤᠨ ᠵᠠᠬ᠎ᠠ ᠳᠤ ᠪᠤᠷᠤᠯᠠᠭᠤᠯᠵᠤ᠂ ᠵᠥᠪᠬᠡᠨ ᠲᠤᠭᠤᠯ ᠵᠠᠷᠤᠭᠰᠠᠨ ᠤᠷᠤᠯᠭ᠎ᠠ 10.5 ᠲᠥᠮᠡᠨ  ᠲᠥᠭᠦᠷᠢᠭ ᠤᠨ ᠤᠷᠤᠯᠭ᠎ᠠ ᠡᠭᠦᠳᠦᠭᠰᠡᠨ ᠪᠠᠶᠢᠨ᠎ᠠ  ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号