ᠵᠢᠩᠨᠡᠵᠦ  ᠭᠠᠷᠭᠠᠬᠰᠠᠨ  ᠪᠤᠶᠤ  ᠴᠢᠨᠠᠵᠦ  ᠭᠠᠷᠭᠠᠬᠰᠠᠨ ᠲᠤᠲᠤᠷᠭ᠎ᠠ ᠪᠤᠳᠠᠭ᠎ᠠ ᠶᠢ ᠬᠥᠷᠥᠭᠡᠭᠡᠳ ᠢᠳᠡᠪᠡᠯ ᠦᠨᠡᠬᠡᠷ ᠡᠳᠡᠭᠡᠷ ᠦᠢᠯᠡᠳᠦᠯ ᠲᠠᠢ
ᠨᠡᠶᠢᠲᠡᠯᠡᠭᠰᠡᠨ ᠴᠠᠭ᠄
2024/3/4
    ᠵᠢᠩᠨᠡᠵᠦ ᠭᠠᠷᠭᠠᠬᠰᠠᠨ ᠪᠤᠶᠤ ᠴᠢᠨᠠᠵᠦ ᠭᠠᠷᠭᠠᠬᠰᠠᠨ ᠲᠤᠲᠤᠷᠭ᠎ᠠ ᠪᠤᠳᠠᠭ᠎ᠠ   ᠶᠢ  ᠬᠥᠷᠥᠭᠡᠭᠡᠳ  ᠢᠳᠡᠪᠡᠯ  ᠴᠢᠰᠤᠨ ‍ᠤ‌ᠥᠭᠡᠬᠦ᠂ ᠴᠢᠰᠤᠨ ᠰᠢᠬᠢᠷ᠂ ᠥᠭᠡᠬᠦᠯᠡᠭᠰᠡᠨ ᠡᠯᠢᠭᠡ ᠳᠤ ᠠᠰᠢᠬᠳᠠᠢ ᠤᠤ︖ ᠬᠠᠷᠢᠭᠤᠯᠲᠠ᠄ ᠵᠣᠬᠢᠬᠤ ᠦᠷ᠎ᠡ ᠦᠢᠯᠡᠳᠦᠯ ᠲᠠᠢ᠃              ᠲᠤᠲᠤᠷᠭ᠎ᠠ ᠪᠤᠳᠠᠭ᠎ᠠ ᠪᠠᠨ ᠬᠥᠷᠥᠭᠡᠪᠡᠯ᠂ ᠨᠢᠭᠡ ᠪᠦᠯᠦᠭ  ᠵᠤᠲᠠᠩᠰᠢᠭᠰᠠᠨ  ᠴᠠᠷᠳᠠᠭᠤᠯ ᠨᠢ  ᠳᠠᠬᠢᠭᠠᠳ  ᠤᠤᠯ  ‍ᠤᠨ‌‍ᠪᠠᠶᠢᠳᠠᠯ ᠳᠠᠭᠠᠨ ᠣᠷᠣᠳᠠᠭ᠂ ᠡᠭᠦᠨ ᠢ ︽ᠬᠠᠭᠤᠴᠢᠷᠠᠵᠤ ᠳᠠᠬᠢᠨ ᠠᠮᠢᠯᠠᠬᠤ︾ ᠭᠡᠳᠡᠭ᠂ ᠡᠨᠡ ᠬᠦ ᠶᠠᠪᠤᠴᠠ ᠳᠤ ᠵᠠᠷᠢᠮ ᠲᠡᠰᠪᠦᠷᠢᠯᠡᠬᠦ‌‍ᠴᠢᠨᠠᠷᠲᠠᠶ ᠴᠠᠷᠳᠠᠭᠤᠯ ᠡᠭᠦᠰᠳᠡᠭ᠃                    ᠲᠡᠰᠪᠦᠷᠢᠯᠡᠬᠦ  ᠴᠢᠨᠠᠷᠲᠠᠶ  ᠴᠠᠷᠳᠠᠭᠤᠯ ᠤᠨ  ᠮᠥᠨ  ᠴᠢᠨᠠᠷ ᠨᠢ  ᠴᠠᠷᠳᠠᠭᠤᠯ ᠢ  ᠲᠡᠰᠪᠦᠷᠢᠯᠡᠬᠦ  ᠢᠰᠬᠡᠭᠦᠷ  ᠤᠰᠤᠵᠢᠨ‌ᠵᠠᠳᠠᠷᠠᠵᠤ᠂ ᠭᠢᠨᠵᠢᠯᠢᠭ ᠴᠠᠷᠳᠠᠭᠤᠯ ᠤᠨ  ᠮᠣᠯᠧᠺᠦ᠋ᠯ ᠨᠢ  ᠬᠡᠰᠡᠭ  ᠲᠠᠯᠠᠰᠵᠢᠬᠤ  ᠪᠠᠶᠢᠳᠠᠯ ᠢ  ᠪᠣᠶ  ᠪᠣᠯᠭᠠᠵᠤ᠂  ᠴᠠᠷᠳᠠᠭᠤᠯ ‍ᠤᠨ‌ᠢᠰᠬᠡᠭᠦᠷ ᠢ ᠦᠵᠦᠮ ᠤᠨ ᠰᠢᠬᠢᠷ ᠤᠨ ᠬᠤᠭᠤᠷᠣᠨᠳᠣᠬᠢ  ᠰᠢᠬᠢᠷᠵᠢᠮᠡᠭ ᠤᠨ  ᠬᠤᠯᠪᠣᠭᠠᠰᠤ ᠶᠢ  ᠤᠰᠤᠵᠢᠭᠤᠯᠤᠨ  ᠵᠠᠳᠠᠷᠠᠭᠤᠯᠵᠤ‌‍ᠲ᠋ᠡᠶᠢᠯᠬᠦ ᠥᠬᠡᠶ  ᠪᠣᠯᠭᠠᠳᠠᠭ᠂  ᠡᠶᠢᠮᠦ ᠠᠴᠠ  ᠲᠡᠭᠦᠨ ᠢ  ᠪᠡᠶ᠎ᠡ ᠶᠢᠨ  ᠬᠡᠷᠡᠭᠰᠡᠬᠦ  ᠦᠵᠦᠮ ᠤᠨ  ᠰᠢᠬᠢᠷ  ᠪᠣᠯᠭᠠᠨ  ᠬᠦᠢᠴᠡᠳ‌ᠵᠠᠳᠠᠷᠠᠭᠤᠯᠵᠤ ᠳᠡᠶᠢᠯᠬᠦ ᠥᠬᠡᠶ᠂ ᠲᠡᠷᠡ ᠨᠢ  ᠬᠤᠳᠣᠭᠤᠳᠣ  ᠭᠡᠳᠡᠰᠦᠨ ᠳᠤ  ᠰᠢᠩᠭᠡᠭᠡᠬᠦ  ᠬᠤᠷᠳᠤᠴᠠ ᠨᠢ  ᠤᠳᠠᠭᠠᠨ᠂  ᠪᠠᠷᠤᠭ‌‍ᠰᠢᠩᠭᠡᠭᠡᠭᠳᠡᠬᠦ ᠥᠬᠡᠶ ᠪᠠᠶᠢᠵᠤ᠂ ᠢᠳᠡᠰᠢ ᠶᠢᠨ ᠰᠢᠷᠬᠡᠭ ᠲᠠᠢ ᠠᠳᠠᠯᠢᠪᠲᠤᠷ ᠦᠢᠯᠡᠳᠦᠯ ᠦᠵᠡᠬᠦᠯᠵᠦ᠂ ᠪᠦᠳᠦᠭᠦᠨ  ᠭᠡᠳᠡᠰᠦ  ᠳ᠋ᠤ᠋‌ᠮᠢᠺᠷᠣᠪ ᠲᠤ ᠠᠰᠢᠭᠯᠠᠬᠳᠠᠳᠠᠭ᠃              ᠦᠷᠭᠦᠯᠵᠢ ᠲᠡᠰᠪᠦᠷᠢᠯᠡᠬᠦ ᠴᠢᠨᠠᠷᠲᠠᠶ ᠴᠠᠷᠳᠠᠭᠤᠯ ᠡᠯᠪᠡᠭ ᠠᠭᠤᠯᠤᠭᠰᠠᠨ ᠢᠳᠡᠭᠡᠨ ᠢ ᠢᠳᠡᠪᠡᠯ ᠰᠢᠬᠢᠷ ᠤᠨ  ᠥᠭᠡᠬᠦᠨ ‍ᠤ‌‍ᠰᠣᠯᠢᠯᠴᠠᠭ᠎ᠠ ᠶᠢ ᠰᠠᠶᠢᠵᠢᠷᠠᠭᠤᠯᠵᠤ᠂ ᠬᠤᠭᠤᠯᠠᠨ ᠤ ᠳᠠᠷᠠᠭᠠᠬᠢ  ᠴᠢᠰᠤᠨ  ᠰᠢᠬᠢᠷ ᠢ  ᠰᠠᠶᠢᠵᠢᠷᠠᠭᠤᠯᠵᠤ᠂  ᠭᠡᠳᠡᠰᠦᠨ ᠤ  ᠡᠷᠡᠭᠦᠯ‌ᠮᠡᠨᠳᠦ ᠶᠢ ᠬᠠᠮᠠᠭᠠᠯᠠᠵᠤ᠂ ᠡᠯᠢᠭᠡ ᠥᠭᠡᠬᠦᠯᠡᠬᠦ ᠪᠠ ᠮᠠᠷᠢᠶ᠎ᠠ ᠰᠢᠭᠤᠷᠠᠭᠤᠯᠬᠤ ᠳᠤ ᠠᠰᠢᠭᠲᠠᠶ ᠶᠤᠮ᠃              ᠰᠢᠩᠭᠡᠭᠡᠯᠲᠡ ᠶᠢᠨ ᠴᠢᠳᠠᠪᠤᠷᠢ ᠠᠨᠠᠶ᠂ ᠬᠤᠳᠣᠭᠤᠳᠣ ᠭᠡᠳᠡᠰᠦᠨ ᠤ ᠡᠪᠡᠳᠴᠢᠨ ᠲᠠᠢ᠂ ᠪᠡᠶ᠎ᠡ  ᠲᠤᠷᠠᠩᠬᠠᠶ  ᠬᠥᠮᠦᠨ ᠳ᠋ᠤ᠋‌ᠠᠪᠴᠤ ᠬᠡᠯᠡᠪᠡᠯ᠂ ᠲᠣᠰ ᠪᠡᠶ᠎ᠡ ᠶᠢᠨ ᠰᠢᠩᠭᠡᠭᠡᠯᠲᠡ ᠶᠢᠨ ᠰᠢᠩᠭᠡᠨ ᠤ ᠰᠢᠭᠦᠷᠡᠯᠲᠡ ᠨᠢ  ᠬᠦᠷᠦᠯᠴᠡᠬᠦ  ᠥᠬᠡᠶ  ᠪᠠᠶᠢᠳᠠᠭ᠂  ᠬᠡᠷᠪᠡ‌‍ᠪᠠᠰᠠ ᠬᠦᠢᠳᠡᠨ ᠢᠳᠡᠭᠡᠨ ᠢᠳᠡᠵᠦ ᠬᠤᠳᠣᠭᠤᠳᠣ ᠪᠠᠨ ᠬᠦᠷᠦᠭᠡᠪᠡᠯ᠂  ᠡᠪᠡᠳᠴᠢᠨ ᠤ  ᠪᠠᠶᠢᠳᠠᠯ ᠢ  ᠬᠦᠨᠳᠦᠷᠡᠭᠦᠯᠵᠦ  ᠮᠡᠳᠡᠨ᠎ᠡ᠂ᠡᠶᠢᠮᠦ ᠠᠴᠠ ᠠᠯᠢ ᠴᠢᠳᠠᠬᠤ ᠪᠠᠷ ᠣᠷᠳᠣ ᠬᠤᠭᠤᠴᠠᠭ᠎ᠠ ᠪᠠᠷ ᠬᠦᠢᠳᠡᠨ ᠲᠤᠲᠤᠷᠭ᠎ᠠ ᠢᠳᠡᠬᠦ ᠠᠴᠠ ᠵᠠᠶᠢᠯᠠᠰᠬᠢᠬᠦ ᠬᠡᠷᠡᠭᠲᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号