ᠬᠤᠰᠢᠭᠤ ᠳᠣᠲᠣᠭᠠᠳᠤ ᠶᠢ ᠬᠠᠮᠠᠭᠠᠯᠠᠬᠤ ᠳᠤᠪᠴᠢᠶᠠᠨ ᠤ ᠣᠷᠴᠢᠨ ᠲᠣᠭᠤᠷᠢᠨ ᠪᠠ ᠢᠳᠡᠭᠡᠨ ᠡᠮ ᠤᠨ | ᠵᠦᠢᠯᠡᠰ ᠤᠨ ᠳᠤᠷᠰᠢᠨ ᠪᠠᠶᠢᠴᠠᠭᠠᠬᠤ ᠶᠡᠭᠡ ᠠᠩᠭᠢ ᠶᠢᠨ ᠴᠠᠭᠳᠠᠭ᠎ᠠ ᠨᠠᠷ ᠴᠠᠭᠠᠨ ᠰᠠᠷ᠎ᠠ ᠪᠠᠷ ᠭᠡᠷ ᠤᠷᠤᠨ ᠳᠤ ᠪᠠᠨ | ᠬᠠᠷᠢᠵᠤ ᠰᠢᠨᠡᠯᠡᠨ᠎ᠡ ᠬᠡᠬᠦ ᠠᠴᠠ ᠢᠯᠡᠬᠦᠦ ᠲᠠᠢ ᠪᠠᠷ ᠬᠢᠯᠢ ᠪᠠᠷ ᠦᠩᠭᠡᠷᠡᠬᠦ ᠭᠡᠭᠡᠷ᠎ᠡ ᠶᠢᠨ ᠠᠮᠢᠳᠠᠨ ᠤ ᠠᠮᠤᠷ | ᠲᠦᠪᠰᠢᠨ ᠢ ᠬᠠᠮᠠᠭᠠᠯᠠᠬᠤ ᠶᠢ ᠴᠢᠬᠤᠯᠠ ᠳᠤ ᠦᠵᠡᠵᠦ᠂ ᠠᠮᠤᠭᠤᠯᠠᠩ ᠳᠠᠯ᠎ᠠ ᠶᠢᠨ ᠢᠶᠠᠨ ᠡᠩᠭᠡ ᠳᠠᠶᠢᠪᠤᠩ ᠢ | ᠰᠠᠬᠢᠬᠤ ᠳᠠᠷᠬᠠᠨ ᠬᠠᠷᠢᠭᠤᠴᠠᠯᠭ᠎ᠠ ᠪᠠᠨ ᠡᠭᠦᠷᠭᠡᠯᠡᠵᠦ ᠰᠢᠨ᠎ᠡ ᠵᠢᠯ ᠴᠠᠭᠠᠨ ᠰᠠᠷ᠎ᠠ ᠪᠠᠨ ᠤᠭᠳᠤᠯ᠎ᠠ᠃ | ᠳᠡᠭᠷᠢ ᠭᠡᠭᠡᠷᠡᠬᠦ ᠠᠴᠠ ᠡᠮᠦᠨ᠎ᠡ ᠳᠤᠷᠰᠢᠨ ᠪᠠᠶᠢᠴᠠᠭᠠᠬᠤ ᠶᠡᠭᠡ ᠠᠩᠭᠢ ᠶᠢᠨ ᠳᠡᠳ᠋ ᠳᠠᠷᠤᠭ᠎ᠠ ᠬᠥᠭᠵᠢᠯᠲᠦ | ᠪᠣᠯᠣᠨ ᠶᠡᠭᠡ ᠠᠩᠭᠢ ᠶᠢᠨ ᠴᠠᠭᠳᠠᠭ᠎ᠠ ᠨᠠᠷ ᠵᠤᠷᠰᠢᠯ ᠶᠤᠰᠤᠭᠠᠷ ᠢᠶᠠᠨ ᠵᠡᠪᠰᠡᠭ ᠲᠣᠨᠣᠭᠯᠠᠯ ᠢᠶᠠᠨ ᠠᠪᠴᠤ᠂ ᠦᠦᠷ | ᠤᠨ ᠵᠢᠪᠠᠷ ᠠᠴᠠ ᠬᠠᠯᠠᠰᠢᠷᠠᠯ ᠦᠬᠡᠢ ᠪᠠᠷ ᠳᠤᠭᠤᠷᠢᠨ ᠴᠠᠭᠳᠠᠬᠤ ᠠᠵᠢᠯ ᠳᠤ ᠪᠠᠨ ᠭᠠᠷᠤᠯ᠎ᠠ᠃ ᠥᠨᠥᠳᠥᠷ ᠲᠡᠳᠡ | 200 ᠭᠠᠷᠤᠢ ᠺᠢᠯᠣᠮᠧᠲᠷ ᠤᠨ ᠴᠠᠭᠠᠨᠠᠬᠢ ᠬᠢᠯᠢ ᠶᠢᠨ ᠱᠤᠭᠤᠮ ᠢ ᠲᠣᠭᠤᠷᠢᠨ ᠬᠠᠮᠠᠭᠠᠯᠠᠬᠤ ᠪᠣᠯᠣᠨ᠎ᠠ᠃ | ᠬᠥᠭᠵᠢᠯᠲᠦ ᠴᠠᠭᠳᠠᠭᠠᠨ ᠤ ᠠᠵᠢᠯ ᠳᠤ ᠤᠷᠤᠭᠰᠠᠨ 27 ᠵᠢᠯ ᠤᠨ ᠳᠤᠷᠰᠢ ᠨᠢᠭᠡᠳᠦᠭᠡᠷ ᠹᠷᠣᠨᠲ ᠢ ᠪᠠᠲᠤ | ᠰᠠᠬᠢᠵᠤ᠂ ᠭᠠᠷᠠᠭ ᠪᠦᠷᠢ ᠬᠢᠯᠢ ᠶᠢᠨ ᠱᠤᠭᠤᠮ ᠳᠤ ᠬᠦᠷᠴᠦ ᠬᠠᠤᠯᠢ ᠬᠡᠷᠡᠭᠵᠢᠭᠦᠯᠳᠡᠭ ᠪᠠᠶᠢᠵᠤ᠂ ᠤᠳᠠᠭ᠎ᠠ ᠪᠦᠷᠢ | ᠢᠷᠡᠵᠦ ᠶᠠᠪᠤᠬᠤ ᠳᠤ ᠠᠳᠠᠭ ᠲᠤ ᠪᠠᠨ ᠳᠣᠯᠤᠭ᠎ᠠ ᠨᠠᠢᠮᠠᠨ ᠴᠠᠭ ᠬᠡᠷᠡᠭᠰᠡᠳᠡᠭ᠃ | ᠰᠤᠷᠪᠤᠯᠵᠢᠯᠠᠭ᠎ᠠ᠄ ᠬᠥᠭᠵᠢᠯᠲᠦ ︵ᠪᠢ ᠶᠡᠷᠦ ᠨᠢ ᠲᠣᠭᠤᠷᠢᠨ ᠬᠠᠮᠠᠭᠠᠯᠠᠬᠤ ᠠᠵᠢᠯ ᠳᠤ ᠪᠠᠨ ᠮᠠᠰᠢ | ᠳᠤᠷᠠᠲᠠᠢ᠂ ᠬᠡᠭᠡᠷ᠎ᠡ ᠶᠢᠨ ᠠᠮᠢᠲᠠᠨ ᠳᠤ ᠴᠤ ᠮᠠᠰᠢ ᠬᠠᠶᠢᠷ᠎ᠠ ᠲᠠᠢ ᠪᠠᠶᠢᠳᠠᠭ᠃ ᠤᠤᠯ ᠨᠢ 100 ᠭᠠᠷᠤᠢ ᠺᠢᠯᠣᠮᠧᠲᠷ | ᠶᠠᠪᠤᠭᠠᠳ ᠰᠠᠶ᠋ᠢ ᠨᠢᠭᠡ ᠲᠡᠷᠭᠡ ︵ᠬᠠᠤᠯᠢ ᠪᠤᠰᠤ ᠪᠠᠷ ᠠᠪᠠᠯᠠᠭᠰᠠᠨ︶ ᠶᠢ ᠪᠠᠷᠢᠵᠤ ᠴᠢᠳᠠᠳᠠᠭ᠂ ᠲᠡᠷᠡ ᠦᠶ᠎ᠡ ᠳᠤ | ᠬᠦᠴᠢᠷ ᠲᠠᠢ ᠪᠠᠶᠢᠵᠠᠢ᠂ ᠨᠢᠭᠡ ᠭᠠᠷᠠᠭ ᠲᠤ ᠪᠢᠳᠡ ᠬᠡᠳᠦ ᠤᠳᠠᠭ᠎ᠠ ᠬᠦᠳᠡᠭᠡ ᠪᠠᠭᠤᠳᠠᠭ᠂ ᠲᠡᠷᠡ ᠦᠶ᠎ᠡ ᠳᠤ ᠪᠢᠳᠡ | ᠨᠦᠬᠦᠴᠡᠯ ᠠᠨᠠᠶ ᠪᠠᠶᠢᠭᠰᠠᠨ ᠪᠣᠯᠬᠤᠷ ᠪᠦᠷ ᠳᠡᠷᠭᠡᠨ ᠳᠤ ᠪᠠᠨ ᠬᠤᠨᠤᠵᠤ᠂ ᠢᠳᠡᠵᠦ ᠤᠤᠭᠤᠳᠠᠭ᠃ ᠨᠢᠭᠡ ᠰᠠᠭᠤᠪᠠᠯ | ᠬᠠᠭᠠᠰ ᠰᠠᠷ᠎ᠠ ᠰᠠᠭᠤᠨ᠎ᠠ︶ | ᠴᠠᠰᠤ ᠬᠦᠷᠯᠡᠭᠰᠡᠨ ᠪᠠᠷᠳᠠᠭ᠎ᠠ ᠲᠠᠢ ᠵᠠᠮ ᠢᠶᠠᠷ 3 ᠴᠠᠭ ᠭᠠᠷᠤᠢ ᠠᠶᠠᠯᠠᠵᠤ ᠪᠠᠶᠢᠵᠤ ᠡᠷᠢᠶᠡᠨᠨᠠᠭᠤᠷ ᠰᠤᠮᠤᠨ ᠤ | ᠬᠢᠯᠢ ᠶᠢᠨ ᠱᠤᠭᠤᠮ ᠳᠤ ᠬᠦᠷᠴᠦ ᠢᠷᠡᠯ᠎ᠡ᠃ | ᠰᠤᠷᠪᠤᠯᠵᠢᠯᠠᠭ᠎ᠠ᠄ ᠬᠥᠭᠵᠢᠯᠲᠦ ︵ ᠵᠢᠯ ᠪᠦᠷᠢ ᠶᠢᠨ 10 ᠰᠠᠷ᠎ᠠ ᠶᠢᠨ ᠳᠤᠮᠳᠠᠴᠢ ᠠᠴᠠ 11 ᠰᠠᠷ᠎ᠠ | ᠪᠣᠯᠲᠠᠯ᠎ᠠ ᠬᠡᠭᠡᠷ᠎ᠡ ᠶᠢᠨ ᠠᠮᠢᠲᠠᠨ ᠮᠣᠩᠭᠤᠯ ᠠᠴᠠ ᠨᠡᠭᠦᠳᠡᠯᠯᠡᠨ ᠢᠷᠡᠵᠦ᠂ ᠳᠠᠷᠠᠭ᠎ᠠ ᠵᠢᠯ ᠤᠨ 4 ᠰᠠᠷ᠎ᠠ ᠶᠢᠨ | ᠳᠤᠮᠳᠠᠴᠢ ᠪᠠᠷ ᠮᠣᠩᠭᠤᠯ ᠤᠯᠤᠰ ᠲᠠᠭᠠᠨ ᠪᠤᠴᠠᠳᠠᠭ᠂ ᠵᠢᠯ ᠪᠤᠯᠭᠠᠨ ᠢᠷᠡᠭᠰᠡᠨ ᠬᠡᠭᠡᠷ᠎ᠡ ᠶᠢᠨ ᠠᠮᠢᠲᠠᠨ ᠢ | ᠨᠡᠶᠢᠯᠡᠭᠦᠯᠪᠡᠯ ᠲᠦᠮᠡ ᠭᠠᠷᠤᠢ ᠳᠤ ᠬᠦᠷᠴᠦ ᠪᠠᠶᠢᠨ᠎ᠠ᠃︶ | ᠣᠯᠠᠨ ᠵᠢᠯ ᠡᠮᠦᠨ᠎ᠡ ᠹᠷᠣᠨᠲ ᠤᠨ ᠲᠣᠭᠤᠷᠢᠨ ᠬᠠᠮᠠᠭᠠᠯᠠᠬᠤ ᠠᠵᠢᠯ ᠳᠤ ᠭᠠᠪᠰᠢᠭᠠᠶᠢᠯᠠᠬᠤ ᠳᠤ ᠪᠠᠨ᠂ | ᠬᠥᠭᠵᠢᠯᠲᠦ ᠬᠢᠯᠢ ᠨᠤᠳᠤᠭ ᠤᠨ ᠭᠠᠵᠠᠷ ᠤᠨ ᠪᠠᠶᠢᠴᠠ ᠶᠢ ᠠᠨᠳᠠᠬᠤ ᠦᠬᠡᠢ ᠮᠡᠳᠡᠳᠡᠭ ᠪᠤᠯᠵᠤ᠂ ᠭᠡᠭᠡᠷ᠎ᠡ ᠶᠢᠨ | ᠠᠮᠢᠳᠠᠨ ᠢ ᠮᠦᠷ ᠢᠶᠠᠷ ᠨᠢ ᠳᠠᠨᠢᠳᠠᠭ ᠪᠤᠯᠤᠭᠰᠠᠨ ᠨᠢ ᠠᠷᠭ᠎ᠠ ᠦᠭᠡᠢ ᠯᠡ ᠠᠵᠢᠭᠴᠢ ᠬᠢᠷᠠᠬᠠᠢ᠂ ᠠᠵᠢᠯ ᠳᠤ ᠪᠠᠨ | ᠬᠢᠨᠠᠭᠤᠷ ᠬᠢᠴᠢᠶᠡᠩᠭᠦᠢ ᠶᠢᠨ ᠰᠢᠨᠵᠢ ᠪᠢᠵᠡ᠃ | ᠰᠤᠷᠪᠤᠯᠵᠢᠯᠠᠭ᠎ᠠ᠄ ᠬᠥᠭᠵᠢᠯᠲᠦ ︵ᠵᠢᠯ ᠮᠠᠭᠤ ᠭᠠᠩ ᠲᠠᠢ ᠦᠶ᠎ᠡ ᠳᠤ ᠪᠢᠳᠡ ᠪᠠᠭ᠎ᠠ ᠰᠠᠭ᠎ᠠ ᠡᠪᠡᠰᠦ | ᠪᠣᠷᠳᠤᠭ᠎ᠠ ᠳᠠᠯᠪᠢᠵᠤ ᠦᠭᠳᠡᠭ᠃ ᠠᠳᠡ ᠵᠡᠭᠡᠷ᠎ᠡ᠂ ᠠᠷᠭᠠᠯᠢ ᠤᠭᠠᠯᠵᠠ᠂ ᠶᠠᠩᠭᠢᠷ᠂ ᠬᠤᠯᠠᠨ ᠵᠡᠷᠭᠡ ᠲᠦᠴᠢᠭᠡᠳ | ᠲᠦᠷᠦᠯ ᠤᠨ ᠬᠡᠭᠡᠷ᠎ᠡ ᠶᠢᠨ ᠠᠮᠢᠳᠠᠨ ᠨᠡᠭᠦᠳᠡᠯᠯᠡᠨ ᠢᠷᠡᠳᠡᠭ᠃ | ᠠᠷᠠᠳ ᠤᠨ ᠴᠠᠭᠳᠠᠭᠠᠨ ᠤ ᠠᠷᠢᠭᠤᠨ ᠡᠭᠦᠷᠭᠡ ᠪᠠᠨ ᠮᠠᠨᠠᠵᠤ᠂ 27 ᠵᠢᠯ ᠳᠤᠭᠤᠷᠢᠨ ᠴᠠᠭᠳᠠᠵᠤ ᠠᠪᠤᠷᠠᠨ | ᠬᠠᠮᠠᠭᠠᠯᠠᠬᠤ ᠠᠵᠢᠯ ᠳᠤ ᠵᠢᠳᠬᠦᠬᠦ ᠳᠤ ᠪᠠᠨ ᠬᠦᠭᠵᠢᠯᠳᠦ ᠮᠠᠯᠴᠢᠨ ᠲᠦᠮᠡᠨ ᠲᠠᠢ ᠨᠦᠬᠦᠷᠯᠡᠯ ᠪᠠᠶᠢᠭᠤᠯᠤᠨ᠂ | ᠤᠬᠠᠭᠤᠯᠭ᠎ᠠ ᠰᠤᠷᠳᠠᠯᠴᠢᠯᠠᠭ᠎ᠠ ᠶᠢ ᠰᠠᠶᠢᠳᠤᠷ ᠬᠢᠵᠦ᠂ ᠠᠪᠤᠷᠠᠭᠰᠠᠨ ᠠᠮᠢᠳᠠᠨ ᠨᠢ ᠬᠡᠳᠦᠨ ᠮᠢᠩᠭᠠᠨ ᠳᠤᠯᠤᠭᠠᠢ ᠳᠤ | ᠬᠦᠷᠦᠭᠰᠡᠨ ᠬᠡᠮᠡᠨ ᠠᠵᠢᠯ ᠤᠨ ᠢᠶᠠᠨ ᠠᠮᠵᠢᠯᠳᠠ ᠳᠤ ᠤᠮᠤᠭᠰᠢᠵᠤ᠂ ᠠᠮᠢᠳᠠᠨ ᠭᠤᠤᠯᠳᠠᠨ ᠢ ᠠᠪᠤᠷᠠᠭᠰᠠᠨ ᠳᠤ ᠪᠠᠨ | ᠪᠠᠶᠠᠷᠯᠠᠵᠤ ᠶᠠᠪᠤᠳᠠᠭ ᠨᠢᠬᠡᠨ ᠪᠠᠶᠢᠯ᠎ᠠ᠃ | ᠰᠤᠷᠪᠤᠯᠵᠢᠯᠠᠭ᠎ᠠ᠄ ︵ᠮᠠᠯᠴᠢᠳ ᠦᠷᠬᠦᠯᠵᠢ ᠪᠢᠳᠡᠨ ᠳᠤ ᠵᠡᠭᠡᠷ᠎ᠡ᠂ ᠬᠤᠯᠠᠨ᠂ ᠰᠢᠪᠠᠭᠤ ᠳᠤᠤᠷ ᠲᠤ | ᠲᠡᠭᠡᠭᠯᠡᠵᠡᠢ ᠬᠡᠬᠦ ᠮᠡᠳᠦᠴᠢᠯᠡᠨ ᠢᠯᠡᠴᠢᠯᠡᠨ ᠮᠡᠳᠡᠬᠦᠯᠳᠡᠭ᠃ ᠵᠠᠷᠢᠮ ᠦᠶ᠎ᠡ ᠳᠤ ᠬᠤᠶᠠᠷ ᠭᠤᠷᠪᠠᠨ ᠵᠠᠭᠤᠨ ᠺᠢᠯᠣᠮᠧᠲᠷ | ᠶᠠᠪᠤᠵᠤ ᠪᠠᠶᠢᠵᠤ ᠠᠪᠤᠷᠠᠵᠤ ᠠᠪᠤᠭᠠᠳ᠂ ᠬᠠᠮᠠᠭᠠᠯᠠᠯᠲᠠ ᠶᠢᠨ ᠥᠷᠲᠡᠭᠡᠨ ᠳᠤ ᠠᠪᠠᠴᠢᠵᠤ ᠡᠮᠨᠡᠭᠦᠯᠦᠭᠡᠳ ᠲᠠᠬᠢᠨ ᠡᠬᠡ | ᠪᠠᠶᠢᠭᠠᠯᠢ ᠳᠤ ᠨᠢ ᠪᠤᠴᠠᠭᠠᠳᠠᠭ᠃ ᠤᠳᠤ ᠦᠨᠳᠦᠰᠦᠨ ᠳᠡᠭᠡᠨ ᠮᠠᠯᠵᠢᠬᠤ ᠣᠷᠣᠨ ᠤ ᠠᠷᠠᠳ ᠤᠳ ᠡᠶᠢᠮᠦᠷᠬᠦᠦ | ᠪᠠᠶᠢᠳᠠᠯ ᠲᠣᠬᠢᠶᠠᠯᠳᠤᠪᠠᠯ ᠪᠦᠷ ᠮᠡᠳᠡᠨ᠎ᠡ᠂ ᠴᠠᠭᠳᠠᠭ᠎ᠠ ᠳᠤ ᠮᠡᠳᠡᠭᠦᠯᠬᠦ ᠤᠲᠠᠰᠤ ᠶᠢ ᠲᠡᠳᠡ ᠪᠦᠷ ᠮᠡᠳᠡᠳᠡᠭ᠃︶ | ᠰᠤᠷᠪᠤᠯᠵᠢᠯᠠᠭ᠎ᠠ᠄ ᠬᠤᠰᠢᠭᠤ ᠳᠣᠲᠣᠭᠠᠳᠤ ᠶᠢ ᠬᠠᠮᠠᠭᠠᠯᠠᠬᠤ ᠳᠤᠪᠴᠢᠶᠠᠨ ᠤ ᠣᠷᠴᠢᠨ ᠲᠣᠭᠤᠷᠢᠨ ᠪᠠ | ᠢᠳᠡᠭᠡᠨ ᠡᠮ ᠤᠨ ᠵᠦᠢᠯᠡᠰ ᠤᠨ ᠲᠤᠷᠰᠢᠨ ᠪᠠᠶᠢᠴᠠᠭᠠᠬᠤ ᠶᠡᠭᠡ ᠠᠩᠭᠢ ᠶᠢᠨ ᠴᠠᠭᠳᠠᠭ᠎ᠠ ᠪᠠᠶᠠᠨᠨᠠᠮᠤᠷ ︵ᠲᠠᠯ᠎ᠠ | ᠨᠤᠲᠤᠭ ᠤᠨ ᠠᠮᠢᠲᠠᠨ ᠪᠦᠬᠦᠨ ᠳᠤ ᠬᠠᠶᠢᠷ᠎ᠠ ᠲᠠᠢ ᠪᠠᠶᠢᠳᠠᠭ᠂ ᠬᠠᠤᠯᠢ ᠪᠤᠰᠤ ᠪᠠᠷ ᠠᠩ ᠬᠢᠭᠰᠡᠨ ᠬᠡᠷᠡᠭ ᠭᠠᠷᠬᠤ | ᠪᠣᠯᠭᠠᠨ ᠳᠤ ᠪᠢᠳᠡ ᠲᠤᠶᠢᠯ ᠢᠶᠠᠷ ᠰᠡᠳᠬᠢᠯ ᠵᠤᠪᠠᠳᠠᠭ᠂ ᠡᠶᠢᠮᠦ ᠠᠴᠠ ᠪᠢᠳᠡ ᠪᠠᠰᠠ ᠥᠪᠡᠷ ᠤᠨ | ᠴᠢᠷᠮᠠᠶᠢᠯᠭ᠎ᠠ ᠪᠠᠷ ᠢᠶᠠᠨ ᠠᠮᠢᠳᠠᠳ ᠢ ᠰᠠᠶᠢᠲᠤᠷ ᠬᠠᠮᠠᠭᠠᠯᠠᠬᠤ ᠶᠢ ᠬᠦᠰᠡᠳᠡᠭ᠃︶ | ᠶᠡᠭᠡ ᠠᠩᠭᠢ ᠶᠢᠨ ᠴᠠᠭᠳᠠᠭ᠎ᠠ᠂ ᠬᠢᠯᠢ ᠳᠠᠭᠠᠤ ᠮᠠᠯᠴᠢᠳ ᠤᠨ ᠬᠠᠮᠳᠤ ᠶᠢᠨ ᠴᠢᠷᠮᠠᠶᠢᠯᠭ᠎ᠠ ᠪᠠᠷ ᠬᠢᠯᠢ ᠨᠤᠳᠤᠭ | ᠤᠨ ᠭᠡᠭᠡᠷ᠎ᠡ ᠶᠢᠨ ᠠᠮᠢᠳᠠᠨ ᠤ ᠳᠤᠭ᠎ᠠ ᠳᠤᠯᠤᠭᠠᠢ ᠳᠠᠰᠤᠷᠠᠯᠳᠠ ᠦᠬᠡᠢ ᠨᠡᠮᠡᠭᠳᠡᠵᠦ᠂ ᠬᠦᠮᠦᠨ ᠠᠮᠢᠳᠠᠨ ᠡᠭᠡᠨᠡᠭᠰᠢᠨ | ᠳᠠᠰᠴᠤ᠂ ᠪᠠᠶᠢᠭᠠᠯᠢ ᠠᠬᠤᠢ ᠰᠠᠶᠢᠵᠢᠷᠠᠭᠰᠠᠨ ᠰᠠᠶᠢᠨ ᠰᠠᠶᠢᠬᠠᠨ ᠲᠦᠷᠰᠦ ᠪᠠᠶᠢᠳᠠᠯ ᠪᠤᠢ ᠪᠤᠯᠵᠤ ᠪᠠᠶᠢᠨ᠎ᠠ᠃ |