ᠮᠥᠷᠳᠡᠯ
ᠨᠡᠶᠢᠲᠡᠯᠡᠭᠰᠡᠨ ᠴᠠᠭ᠄
2024/2/6
      ︵ᠡᠷᠦᠬᠡ ᠶᠢᠨ ᠴᠡᠷᠢᠭ ᠤᠨ ᠡᠪᠦᠭᠡᠨ ᠰᠤᠮᠤᠨ ᠳᠠᠷᠤᠭ᠎ᠠ ᠶᠢᠨ ᠬᠦᠦᠷᠨᠢᠯ︶

                                ᠵᠣᠬᠢᠶᠠᠭᠴᠢ᠄ ᠣᠶᠤᠨᠳᠡᠯᠭᠡᠷ

     ᠥᠩᠭᠡᠷᠡᠨ ᠣᠳᠤᠭᠰᠠᠨ ᠣᠨ ᠵᠢᠯ ᠤᠳ ᠤᠨ ᠤᠴᠠᠷᠠᠯ ᠳᠣᠬᠢᠶᠠᠯᠳᠤᠯ ᠦᠨᠡᠨ ᠬᠡᠷᠡᠭ ᠶᠠᠪᠤᠳᠠᠯ ᠨᠢ

ᠠᠶᠠᠨᠳᠠᠭᠠᠨ ᠦᠯᠢᠭᠡᠷ ᠰᠢᠭ ᠰᠠᠶᠢᠬᠠᠨ ᠦᠢᠯᠡ ᠶᠠᠪᠤᠳᠠᠯ ᠢ ᠪᠦᠲᠦᠭᠡᠵᠦ ᠰᠣᠨᠤᠰᠬᠤ ᠳᠤ ᠤᠷᠮᠠᠲᠠᠢ ᠰᠠᠨᠠᠭᠳᠠᠳᠠᠭ ᠠᠴᠠ

ᠥᠪᠡᠷ ᠤᠨ ᠡᠷᠬᠡ ᠦᠭᠡᠢ ᠪᠠᠭ᠎ᠠ ᠪᠠᠶᠢᠬᠤ ᠳᠤ ᠬᠠᠯᠲᠤ ᠮᠥᠯᠲᠦ ᠰᠣᠨᠤᠰᠴᠤ ᠪᠠᠶᠢᠭᠰᠠᠨ ᠦᠯᠢᠭᠡᠷ ᠢ ᠪᠣᠳᠣᠵᠤ

ᠣᠯᠤᠭᠠᠳ ᠳᠠᠬᠢᠨ ᠰᠣᠨᠤᠰᠴᠤ ᠦᠰᠦᠭ ᠪᠢᠴᠢᠭ ᠢᠶᠠᠷ ᠲᠡᠮᠳᠡᠭᠯᠡᠵᠦ ᠦᠯᠡᠳᠡᠭᠡᠮᠡᠷ ᠰᠠᠨᠠᠭᠳᠠᠨ ᠰᠦᠨᠢᠳ ᠪᠠᠷᠠᠭᠤᠨ

ᠬᠤᠰᠢᠭᠤᠨ ᠤ ᠥᠷᠭᠡᠨᠲᠠᠯ᠎ᠠ ᠪᠠᠯᠭᠠᠰᠤᠨ ᠤ ᠴᠠᠩᠲᠤᠰᠢᠯᠢ ᠭᠠᠴᠠᠭᠠᠨ ᠤ ᠪᠠᠨ ᠤᠤᠯ ᠤᠨ ᠡᠷᠦᠬᠡ ᠶᠢᠨ ᠴᠡᠷᠢᠭ ᠤᠨ

ᠰᠤᠮᠤᠨ ᠳᠠᠷᠤᠭ᠎ᠠ ᠪᠠᠶᠢᠭᠰᠠᠨ ᠬᠤᠪᠢᠰᠬᠠᠯᠲᠤ ᠭᠤᠸᠠᠢ ᠲᠠᠢ ᠵᠣᠭᠤᠭᠳᠠᠬᠤ ᠪᠠᠷ ᠵᠣᠷᠢᠯ᠎ᠠ᠃ ᠬᠤᠪᠢᠰᠬᠠᠯᠲᠤ ᠭᠤᠸᠠᠢ

ᠭᠡᠵᠦ ᠳᠠᠯᠠᠨ ᠨᠠᠰᠤ ᠶᠢ ᠵᠣᠭᠤᠭᠯᠠᠴᠢᠬᠠᠭᠰᠠᠨ ᠪᠠᠭ᠎ᠠ ᠦᠬᠢᠨ ᠱᠢᠷᠦᠩᠭᠤᠸ᠎ᠠ ᠶᠢᠨ ᠲᠠᠢ ᠪᠠᠨ ᠬᠠᠮᠲᠤ ᠮᠠᠯ ᠬᠠᠷ᠎ᠠ ᠳᠤᠨᠢ

ᠴᠢᠳᠠᠯ ᠤᠨ ᠬᠢᠷᠢ ᠪᠠᠷ ᠢᠶᠠᠨ ᠬᠠᠮ ᠳᠡᠮ ᠪᠣᠯᠴᠢᠬᠠᠭᠰᠠᠨ ᠬᠥᠯ ᠭᠠᠷ ᠬᠥᠩᠭᠡᠨ ᠪᠡᠶ᠎ᠡ ᠯᠠᠭᠱᠠᠨ ᠲᠡᠩᠬᠡᠯᠡᠭᠦᠨ ᠶᠠᠷᠢᠶ᠎ᠠ

ᠬᠥᠭᠡᠷᠦᠭᠡ ᠲᠠᠢ ᠬᠡᠳᠦᠶᠢᠪᠡᠷ ᠴᠢᠯᠦᠭᠡᠯᠡᠬᠦ ᠴᠡᠷᠢᠭ ᠲᠤ ᠶᠠᠪᠤᠵᠤ ᠪᠠᠶᠢᠭᠰᠠᠨ ᠦᠭᠡᠢ ᠴᠤ ᠬᠠᠭᠤᠴᠢᠨ ᠡᠷᠦᠬᠡ ᠶᠢᠨ

ᠴᠡᠷᠢᠭ ᠤᠨ ᠦᠨᠳᠦᠰᠦᠨ ᠪᠣᠯᠪᠠᠰᠤᠷᠠᠯ ᠢ ᠰᠢᠰᠲ᠋ᠧᠮ ᠲᠠᠢ ᠪᠣᠯᠪᠠᠰᠤᠷᠠᠭᠰᠠᠨ ᠬᠦᠮᠦᠨ ᠤ ᠬᠤᠪᠢ ᠳᠤ ᠬᠥᠯ ᠨᠢᠷᠤᠭᠤ

ᠵᠢᠭᠠᠬᠠᠨ ᠴᠤ ᠭᠠᠵᠢᠵᠤ ᠪᠥᠭᠲᠦᠶᠢᠭᠰᠡᠨ ᠶᠠᠩᠵᠤ ᠦᠭᠡᠢ ᠭᠠᠳᠠᠨ᠎ᠠ ᠪᠠᠨ ᠳᠠᠨᠠᠶᠢᠲᠠᠯ᠎ᠠ ᠵᠣᠭᠰᠤᠵᠤ ᠪᠠᠶᠢᠬᠤ ᠨᠢ

ᠪᠠᠰᠠᠴᠤ ᠬᠠᠭᠤᠴᠢᠨ ᠫᠤᠤ ᠶᠢᠨ ᠬᠤᠭᠤᠷᠬᠠᠢ ᠭᠡᠰᠡᠨ ᠢᠶᠠᠨ ᠢᠯᠡᠳᠲᠡ ᠬᠠᠷᠠᠭᠤᠯᠵᠤ ᠪᠠᠶᠢᠯ᠎ᠠ᠃

     ᠪᠢᠳᠡ ᠡᠳᠦᠷ ᠲᠤᠲᠤᠮ ᠤᠨ ᠰᠣᠨᠢᠨ ᠰᠠᠶᠢᠬᠠᠨ ᠶᠠᠷᠢᠯᠴᠠᠬᠤ ᠶᠢᠨ ᠳᠠᠭᠠᠤ ᠦᠭᠡ ᠡᠭᠦᠰᠬᠡᠨ ᠲᠠ ᠤᠤᠯ ᠤᠨ

ᠡᠷᠦᠬᠡ ᠶᠢᠨ ᠴᠡᠷᠢᠭ ᠤᠨ ᠦᠶ᠎ᠡ ᠶᠢᠨ ᠢᠶᠠᠨ ᠦᠯᠢᠭᠡᠷ ᠤᠳ ᠠᠴᠠ ᠶᠠᠷᠢᠵᠤ ᠥᠭᠬᠦ ᠤᠤ︖ ᠭᠡᠬᠦ ᠳᠤ ᠬᠤᠪᠢᠰᠬᠠᠯᠲᠤ

ᠭᠤᠸᠠᠢ ᠥ ᠲᠡᠷᠡ ᠥᠩᠭᠡᠷᠡᠭᠰᠡᠨ ᠶᠠᠭᠤᠮ᠎ᠠ ᠶᠢ ᠪᠠᠶᠢᠴᠢᠬᠠᠶ᠎ᠠ᠂ ᠲᠡᠭᠦᠤ ᠮᠢᠨᠢ ᠵᠦᠭᠡᠷ ᠯᠠ ᠣᠳᠣ ᠶᠢᠨ

ᠵᠣᠭᠤᠭ ᠠᠴᠠ ᠪᠠᠨ ᠡᠪᠦᠭᠡᠨ ᠳᠤ ᠵᠢᠭᠠᠬᠠᠨ ᠰᠣᠨᠤᠰᠬᠠᠴᠢᠬ᠎ᠠ︕ ᠭᠡᠳ ᠢᠨᠢᠶᠡᠵᠦ ᠣᠳᠣ ᠡᠪᠦᠭᠡᠨ ᠬᠦᠮᠦᠨ ᠤ

ᠦᠵᠢᠷᠡᠭᠰᠡᠨ ᠦᠭᠡ ᠢᠶᠠᠷ ᠶᠠᠭᠤ ᠪᠠᠨ ᠬᠢᠬᠦ ᠶᠤᠮ ᠪᠣᠢ︖ ᠲᠠᠪᠢᠭᠠᠳ ᠵᠢᠯ ᠤᠨ ᠤᠴᠢᠷ ᠪᠣᠯᠴᠢᠬᠠᠵᠠᠢ᠂ ᠪᠦᠷ

ᠮᠠᠷᠲᠠᠵᠤ ᠰᠠᠨᠠᠭᠠᠳ ᠣᠯᠢᠭᠲᠠᠢ ᠶᠠᠭᠤᠮ᠎ᠠ ᠣᠷᠤᠵᠤ ᠢᠷᠡᠬᠦ ᠪᠠᠨ ᠪᠠᠶᠢᠴᠢᠬᠠᠯ᠎ᠠ ᠭᠡᠵᠦ ᠪᠠᠶᠢᠪᠠ᠃

     ᠲᠠ ᠥᠨᠥ ᠮᠣᠷᠢᠨ ᠬᠤᠯᠠᠭᠠᠶᠢᠴᠢ ᠪᠠᠷᠢᠭᠰᠠᠨ ᠦᠯᠢᠭᠡᠷ ᠢᠶᠠᠨ ᠶᠠᠷᠢᠭᠠᠳ ᠥᠭᠭᠦᠨ᠎ᠡ ᠤᠤ ᠭᠡᠰᠡᠨ ᠳᠤ ᠵᠠ

ᠲᠡᠭᠡᠪᠡᠯ ᠬᠤᠶᠢᠨ᠎ᠠ ᠡᠮᠦᠨ᠎ᠡ ᠨᠢ ᠣᠷᠤᠭᠤᠯᠤᠭᠠᠳ ᠶᠠᠷᠢᠵᠤ ᠦᠵᠡᠶ᠎ᠡ ᠳ᠋ᠠ᠂ ᠶᠠᠭ ᠦᠨᠡᠨ ᠢ ᠬᠡᠯᠡᠪᠡᠯ ᠮᠢᠨᠦ ᠲᠡᠷᠡ

ᠦᠶ᠎ᠡ ᠳᠤ ᠬᠠᠮᠤᠭ ᠠᠴᠠ ᠥᠩᠭᠡ ᠭᠡᠷᠡᠯᠲᠡᠢ ᠤᠴᠢᠷ ᠭᠡᠵᠦ ᠪᠣᠳᠤᠭᠳᠠᠳᠠᠭ ᠪᠣᠯ ᠮᠥᠨ ᠡᠨᠡ ᠨᠢᠭᠡ ᠯᠠ ᠤᠳᠠᠭ᠎ᠠ ᠶᠢᠨ

ᠲᠠᠩᠨᠠᠨ ᠮᠥᠷᠳᠡᠭᠰᠡᠨ ᠤᠴᠢᠷ ᠰᠢᠳᠠ᠂ ᠮᠠᠨ ᠤ ᠲᠡᠷᠡ ᠦᠶ᠎ᠡ ᠳᠤ ᠡᠷᠦᠬᠡ ᠶᠢᠨ ᠴᠡᠷᠢᠭ ᠪᠣᠯ ᠳᠤᠬᠠᠢ ᠶᠢᠨ ᠴᠠᠭ

ᠦᠶ᠎ᠡ ᠶᠢᠨ ᠢᠶᠠᠨ ᠡᠩᠬᠡ ᠲᠠᠶᠢᠪᠤᠩ ᠠᠮᠤᠷ ᠲᠦᠪᠰᠢᠨ ᠢ ᠬᠠᠮᠠᠭᠠᠯᠠᠳᠠᠭ ᠭᠠᠪᠰᠢᠭᠠᠢ ᠠᠩᠬᠢ ᠪᠣᠯᠬᠤᠷ ᠪᠢᠳᠡ

ᠪᠦᠭᠦᠳᠡᠭᠡᠷ ᠰᠣᠨᠤᠷ ᠰᠡᠷᠡᠮᠵᠢ ᠶᠢ ᠲᠡᠷᠢᠭᠦᠨ ᠳᠤ ᠲᠠᠯᠪᠢᠳᠠᠭ᠂ ᠲᠡᠷᠡ ᠦᠶ᠎ᠡ ᠳᠤ ᠣᠨᠴᠠᠭᠠᠶᠢᠯᠠᠨ ᠲᠠᠨᠢᠯ ᠪᠣᠰᠤ

ᠡᠲᠡᠭᠡᠳ ︵ᠲᠠᠩᠨᠠᠭᠤᠯ︶ ᠳᠡᠷᠰᠯᠡᠭᠦᠦ ᠡᠲᠡᠭᠡᠳ ᠢ ᠰᠡᠷᠭᠡᠶᠢᠯᠡᠳᠡᠭ ᠡᠭᠦᠷᠭᠡ ᠲᠠᠢ ᠪᠠᠶᠢᠳᠠᠭ᠃ ᠬᠢᠯᠢ ᠳᠠᠭᠠᠤ

ᠭᠠᠵᠠᠷ ᠢᠶᠠᠷ ᠪᠣᠯ ᠶᠠᠩᠵᠤ ᠶᠠᠩᠵᠤ ᠶᠢᠨ ᠶᠠᠪᠣᠳᠠᠯ ᠭᠠᠷᠳᠠᠭ ᠠᠴᠠ ᠭᠠᠪᠢᠶ᠎ᠠ ᠪᠠᠶᠢᠭᠤᠯᠬᠤ ᠳᠣᠬᠢᠶᠠᠯ ᠠᠷᠪᠢᠨ ᠬᠡᠵᠦ

ᠪᠣᠳᠣᠳᠠᠭ᠂ ᠮᠠᠨ ᠳᠤ ᠲᠡᠶᠢᠮᠦ ᠳᠣᠬᠢᠶᠠᠯ ᠬᠤᠪᠤᠷ᠂ ᠪᠢᠳᠡ ᠪᠦᠷ ᠥᠪᠡᠷ ᠢ ᠪᠠᠨ ᠴᠡᠷᠢᠭ ᠤᠨ ᠡᠭᠦᠷᠭᠡ

ᠬᠠᠷᠢᠭᠤᠴᠠᠯᠭ᠎ᠠ ᠪᠠᠷ ᠱᠠᠭᠠᠷᠳᠠᠳᠠᠭ ᠪᠠᠶᠢᠭᠰᠠᠨ ᠪᠦᠭᠡᠳ ᠬᠡᠵᠢᠶ᠎ᠡ ᠶᠠᠮᠠᠷ ᠡᠭᠦᠷᠭᠡ ᠥᠭᠭᠦᠭᠰᠡᠨ ᠴᠦ ᠵᠠᠪᠠᠯ

ᠡᠭᠦᠷᠭᠡ ᠪᠠᠨ ᠬᠦᠢᠴᠡᠳ ᠪᠡᠶᠡᠯᠡᠭᠦᠯᠬᠦ ᠪᠠᠷ ᠴᠢᠷᠮᠠᠶᠢᠳᠠᠭ᠂ ᠭᠠᠪᠢᠶ᠎ᠠ ᠪᠠᠶᠢᠭᠤᠯᠬᠤ ᠪᠣᠯ ᠴᠡᠷᠢᠭ ᠬᠦᠮᠦᠨ ᠤ ᠬᠠᠮᠤᠭ

ᠶᠡᠭᠡ ᠥᠩᠭᠡ ᠭᠡᠷᠡᠯ ᠰᠢᠦ ᠳ᠋ᠠ᠃

     ᠮᠢᠨᠦ ᠬᠤᠷᠢᠨ ᠳᠥᠷᠪᠡᠲᠡᠢ ᠵᠢᠯ ᠶᠤᠮᠰᠠᠨ᠃ 1977 ᠣᠨ ᠤ ᠨᠠᠮᠤᠷ ᠤᠨ ᠡᠬᠢᠨ ᠤ ᠨᠢᠭᠡᠨ ᠰᠢᠪᠡᠷᠡᠭᠡ

ᠪᠣᠷᠤᠭᠠᠨ ᠲᠠᠢ ᠥᠷᠯᠦᠭᠡ ᠮᠠᠨ ᠤ ᠪᠠᠷᠢᠭᠠᠳᠠ ᠶᠢᠨ ᠬᠠᠮᠲᠤ ᠶᠢᠨ ᠮᠣᠷᠢᠨ ᠲᠡᠷᠭᠡᠨ ᠤ ᠲᠡᠷᠭᠡᠴᠢᠨ ᠮᠧᠩ ᠶᠤᠸᠠᠨ ᠺᠠᠢ

ᠮᠣᠷᠢᠳ ᠢᠶᠠᠨ ᠪᠠᠷᠢᠬᠤ ᠪᠠᠷ ᠶᠠᠪᠤᠭᠠᠳ ᠥᠪᠡᠷ ᠤᠨ ᠳᠥᠷᠪᠡᠨ ᠮᠣᠷᠢ ᠨᠢ ᠠᠯᠠᠭ᠎ᠠ ᠪᠣᠯᠤᠭᠰᠠᠨ ᠪᠦᠭᠡᠳ ᠬᠤᠶᠠᠷ

ᠶᠠᠪᠠᠭᠠᠨ ᠬᠦᠮᠦᠨ ᠮᠣᠷᠢᠳ ᠲᠠᠢ ᠨᠢ ᠨᠣᠴᠤᠯᠳᠤᠭᠰᠠᠨ ᠰᠡᠵᠢᠭᠯᠡᠯᠲᠡᠢ ᠮᠥᠷ ᠪᠠᠶᠢᠨ᠎ᠠ ᠭᠡᠵᠦ ᠪᠠᠷᠢᠭᠠᠳᠠ ᠶᠢᠨ ᠱᠦᠵᠢ

ᠠᠶᠤᠰᠢ ᠳᠤ ᠬᠡᠷᠡᠭ ᠮᠡᠳᠡᠭᠦᠯᠦᠭᠰᠡᠨ ᠳᠤ ᠠᠶᠤᠰᠢ ᠱᠦᠵᠢ ︵ᠡᠷᠦᠬᠡ ᠶᠢᠨ ᠴᠡᠷᠢᠭ ᠤᠨ ᠵᠢᠭᠠᠨ ᠵᠢᠯᠤᠭᠤᠳᠤᠭᠴᠢ︶

ᠲᠡᠷᠡ ᠳᠠᠷᠤᠢ ᠪᠠᠷᠢᠭᠠᠳᠠ ᠶᠢᠨ ᠲᠷᠠᠺᠲ᠋ᠤᠷ ᠢᠶᠠᠷ ᠮᠣᠷᠢᠨ ᠤ ᠡᠵᠡᠨ ᠬᠢᠭᠡᠳ ᠡᠷᠦᠬᠡ ᠶᠢᠨ ᠴᠡᠷᠢᠭ ᠤᠨ ᠰᠤᠮᠤᠨ

ᠳᠠᠷᠤᠭ᠎ᠠ ᠪᠠᠶᠢᠭᠰᠠᠨ ᠨᠠᠳᠠ ᠶᠢ ᠫᠤᠤ ᠰᠤᠮᠤ ᠲᠠᠢ ᠨᠢ ᠠᠪᠴᠤ ᠮᠣᠷᠢ ᠠᠯᠳᠠᠭᠰᠠᠨ ᠭᠠᠵᠠᠷ ᠠᠴᠠ ᠮᠣᠷᠢᠳ ᠤᠨ ᠮᠥᠷ ᠢ

ᠣᠯᠵᠤ ᠮᠥᠷᠳᠡᠯ ᠤᠨ ᠠᠵᠢᠯ ᠢᠶᠠᠨ ᠡᠬᠢᠯᠡᠭᠦᠯᠪᠡ᠃ ᠪᠢᠳᠠ ᠮᠣᠷᠢᠳ ᠠᠯᠳᠠᠭᠰᠠᠨ ᠭᠠᠵᠠᠷ ᠠᠴᠠ ᠬᠤᠶᠠᠷ ᠵᠢᠶᠤᠤᠫᠢ

ᠱᠠᠬᠠᠢ ᠲᠠᠢ ᠬᠦᠮᠦᠨ ᠮᠣᠷᠢᠳ ᠪᠠᠷᠢᠬᠤ ᠪᠠᠷ ᠨᠡᠯᠢᠶᠡᠳ ᠣᠷᠤᠯᠳᠤᠭᠰᠠᠨ ᠪᠤᠶᠤ ᠪᠠᠰᠠ ᠨᠡᠯᠢᠶᠡᠳ ᠭᠠᠵᠠᠷ ᠲᠠᠭᠤᠵᠤ

ᠶᠠᠪᠤᠭᠠᠳ ᠪᠠᠷᠢᠵᠤ ᠠᠪᠤᠭᠠᠳ ᠤᠨᠤᠭᠠᠳ ᠪᠠᠷᠠᠭᠤᠨ ᠵᠦᠭ ᠲᠤ ᠶᠠᠪᠤᠭᠰᠠᠨ ᠢ ᠲᠣᠳᠤᠯᠠᠪᠠ᠃ ᠢᠩᠬᠢᠭᠡᠳ ᠶᠠᠭᠤᠨ ᠤ

ᠡᠮᠦᠨ᠎ᠡ ᠮᠣᠷᠢᠳ ᠢ ᠬᠤᠯᠠᠭᠠᠢ ᠳᠤ ᠠᠯᠳᠠᠭᠰᠠᠨ ᠭᠡᠳᠡᠭ ᠲᠤ ᠡᠷᠡᠭᠡᠯᠵᠡᠯᠡᠯ ᠦᠭᠡᠢ ᠪᠣᠯᠤᠭᠠᠳ ᠪᠦᠭᠦᠳᠡᠭᠡᠷ

ᠬᠤᠯᠠᠭᠠᠢ ᠶᠢ ᠪᠠᠷᠢᠪᠴᠢᠯᠠᠨ ᠮᠣᠷᠢᠳ ᠢᠶᠠᠨ ᠣᠯᠵᠤ ᠢᠷᠡᠬᠦ ᠪᠠᠷ ᠶᠠᠭᠠᠷᠠᠯᠲᠠᠢ ᠪᠠᠷ ᠮᠣᠷᠢᠳ ᠤᠨ ᠢᠶᠠᠨ ᠮᠥᠷ ᠢ

ᠮᠥᠷᠳᠡᠵᠦ ᠡᠬᠢᠯᠡᠪᠠ᠃ ᠭᠡᠪᠡᠴᠦ ᠳᠡᠮᠡᠢ ᠬᠤᠯᠠ ᠶᠠᠪᠤᠭᠰᠠᠨ ᠦᠭᠡᠢ ᠴᠠᠩᠲᠤ ᠶᠢᠨ ᠪᠠᠷᠠᠭᠤᠨ ᠲᠠᠯ᠎ᠠ ᠳᠤ ᠬᠦᠷᠦᠮᠡᠭᠴᠡ

ᠪᠠᠷᠢᠭᠠᠳᠠ ᠶᠢᠨ ᠠᠳᠤᠭᠤᠨ ᠰᠦᠷᠦᠭ ᠤᠨ ᠪᠡᠯᠴᠢᠭᠡᠷ ᠲᠤ ᠰᠦᠷᠦᠭ ᠠᠳᠤᠭᠤᠳ ᠤᠨ ᠮᠥᠷ ᠲᠤ ᠬᠦᠷᠦᠭᠡᠳ

ᠦᠷᠭᠦᠯᠵᠢᠯᠡᠨ ᠮᠥᠷᠳᠡᠬᠦ ᠳᠤ ᠬᠦᠴᠢᠷ ᠪᠣᠯᠪᠠ᠃ ᠪᠦᠭᠦᠳᠡᠭᠡᠷ ᠶᠠᠭᠠᠬᠢᠪᠠᠯ ᠵᠣᠬᠢᠬᠤ ᠪᠠᠨ ᠣᠯᠵᠤ ᠶᠠᠳᠠᠨ ᠪᠠᠴᠢᠮᠳᠠᠨ

ᠰᠠᠩᠳᠤᠷᠤᠭᠰᠠᠨ ᠳᠤ ᠨᠢᠭᠡ ᠨᠢ ᠪᠢᠳᠡ ᠬᠤᠯᠠᠭᠤᠷ ᠬᠦᠨᠳᠡᠯᠡᠨ ᠣᠭᠲᠤᠯᠠᠵᠤ ᠮᠣᠷᠢᠳ ᠤᠨ ᠢᠶᠠᠨ ᠮᠥᠷ ᠢ ᠣᠯᠵᠤ

ᠠᠪᠤᠭᠠᠳ ᠳᠠᠬᠢᠨ ᠮᠥᠷᠳᠡᠶ᠎ᠡ ᠬᠡᠬᠦ ᠳᠤ ᠣᠯᠠᠨ ᠢᠶᠠᠷ ᠢᠶᠠᠨ ᠳᠠᠬᠢᠭᠠᠳ ᠥᠪᠡᠷ ᠤᠨ ᠢᠶᠠᠨ ᠮᠣᠷᠢᠳ ᠤᠨ ᠮᠥᠷ ᠢ

ᠣᠯᠵᠤ ᠳᠡᠶᠢᠯᠬᠦ ᠡᠰᠡᠬᠦ ᠳᠤ ᠡᠷᠡᠭᠡᠯᠵᠡᠵᠦ ᠪᠠᠶᠢᠭᠰᠠᠨ ᠳᠤ ᠪᠢ ᠣᠯᠠᠨ ᠳᠤ ᠬᠠᠮᠢᠶ᠎ᠠ ᠦᠭᠡᠢ ᠪᠢ ᠨᠢᠭᠡ ᠦᠵᠡᠭᠰᠡᠨ

ᠮᠥᠷ ᠢᠶᠠᠨ ᠪᠠᠷᠤᠭ ᠠᠨᠳᠠᠳᠠᠭ ᠦᠭᠡᠢ ᠶᠤᠮ ᠭᠡᠰᠡᠨ ᠳᠤ ᠲᠡᠭᠡᠪᠡᠯ ᠴᠢ ᠯᠠ ᠭᠤᠤᠯᠳᠠᠨ᠎ᠠ ᠰᠢᠦ ᠭᠡᠳ ᠪᠢᠳᠡ

ᠪᠦᠭᠦᠳᠡᠭᠡᠷ ᠠᠳᠤᠭᠤᠨ ᠤ ᠪᠡᠯᠴᠢᠭᠡᠷ ᠢ ᠥᠩᠭᠡᠷᠡᠭᠡᠳ ᠳᠠᠬᠢᠨ ᠮᠥᠷᠳᠡᠬᠦ ᠪᠠᠷ ᠪᠣᠯᠤᠭᠰᠠᠨ ᠪᠣᠯᠪᠠᠴᠤ ᠬᠤᠰᠢᠭᠤ

ᠲᠠᠯᠠᠪᠠᠢ ᠶᠢᠨ ᠠᠳᠤᠭᠤᠨ ᠤ ᠪᠡᠯᠴᠢᠭᠡᠷ ᠦᠷᠭᠦᠯᠵᠢᠯᠡᠭᠡᠳ ᠬᠦᠨᠳᠡᠯᠡᠨ ᠤᠭᠲᠤᠯᠬᠤ ᠳᠤ ᠲᠦᠪᠡᠭᠲᠡᠢ ᠪᠣᠯᠤᠭᠰᠠᠨ ᠠᠴᠠ

ᠪᠢᠳᠡ ᠠᠷᠭ᠎ᠠ ᠪᠣᠰᠤ ᠰᠠᠶᠢᠬᠠᠨᠲᠠᠯ᠎ᠠ ᠳᠤ ᠣᠷᠤᠬᠤ ᠬᠠᠮᠤᠭ ᠡᠴᠦᠰ ᠤᠨ ᠮᠥᠷ ᠢ ᠣᠯᠵᠤ ᠠᠪᠬᠤ ᠨᠢ ᠶᠠᠭᠤᠨ ᠠᠴᠠ

ᠴᠢᠬᠤᠯᠠ ᠬᠡᠵᠦ ᠰᠠᠶᠢᠬᠠᠨᠲᠠᠯ᠎ᠠ ᠠᠴᠠ ᠡᠷᠢᠶᠡᠨ ᠬᠤᠲᠠ ᠬᠦᠷᠬᠦ ᠲᠡᠮᠦᠷ ᠵᠠᠮ ᠢ ᠲᠠᠭᠠᠨ ᠮᠥᠷᠳᠡᠵᠦ ᠪᠠᠶᠢᠭᠠᠳ

ᠰᠠᠶᠢᠬᠠᠨᠲᠠᠯ᠎ᠠ ᠶᠢᠨ ᠵᠡᠭᠦᠨ ᠲᠠᠯ᠎ᠠ ᠪᠠᠷ ᠲᠡᠮᠦᠷ ᠵᠠᠮ ᠢ ᠬᠥᠨᠳᠡᠯᠡᠨ ᠭᠡᠲᠦᠯᠦᠭᠰᠡᠨ ᠮᠥᠷ ᠢ ᠣᠯᠵᠤ ᠠᠪᠤᠭᠠᠳ

ᠬᠤᠯᠠᠭᠠᠶᠢᠴᠢ ᠮᠣᠷᠢᠳ ᠢ ᠠᠪᠤᠭᠠᠳ ᠪᠠᠷᠠᠭᠤᠨᠰᠢ ᠶᠠᠪᠤᠭᠰᠠᠨ ᠭᠡᠳᠡᠭ ᠲᠤ ᠶᠡᠭᠡ ᠲᠥᠯᠦᠪ ᠤᠨ ᠨᠤᠲᠠᠯᠠᠯᠯᠲᠠ ᠲᠠᠢ

ᠪᠣᠯᠵᠤ ᠬᠤᠰᠢᠭᠤᠨ ᠳᠤ ᠣᠷᠤᠬᠤ ᠳᠤ ᠨᠢᠭᠡᠨᠲᠡ ᠣᠷᠤᠢ ᠶᠢᠨ ᠨᠠᠷᠠ ᠰᠢᠩᠭᠡᠬᠦ ᠰᠢᠬᠠᠭᠰᠠᠨ ᠪᠠᠶᠢᠯ᠎ᠠ᠃ ᠪᠢᠳᠡ

ᠳᠥᠷᠪᠡᠭᠦᠯᠡ ᠬᠤᠰᠢᠭᠤᠨ ᠳᠤ ᠣᠷᠤᠵᠤ ᠨᠢᠭᠡ ᠰᠠᠶᠢᠨ ᠭᠡᠳᠡᠰᠦ ᠭᠠᠷᠴᠤ ᠬᠤᠭᠤᠯᠠ ᠢᠳᠡᠭᠡᠳ ᠲᠷᠠᠺᠲ᠋ᠤᠷ ᠢᠶᠠᠷ ᠢᠶᠠᠨ

ᠦᠷᠭᠦᠯᠵᠢᠯᠡᠨ ᠰᠠᠶᠢᠬᠠᠨᠲᠠᠯ᠎ᠠ ᠠᠴᠠ ᠪᠠᠷᠠᠭᠤᠨᠰᠢ ᠠᠶᠢᠯ ᠬᠤᠲᠠ ᠪᠠᠷ ᠰᠤᠷᠠᠭ ᠲᠠᠯᠪᠢᠨ ᠨᠢᠭᠡ ᠰᠥᠨᠢ ᠤᠨᠲᠠᠯ ᠦᠭᠡᠢ

ᠰᠤᠷᠠᠭᠯᠠᠭᠠᠳ ᠶᠠᠮᠠᠷᠴᠤ ᠰᠤᠷᠠᠭ ᠦᠭᠡᠢ ᠪᠣᠯᠬᠤᠷ ᠦᠦᠷ ᠭᠡᠭᠡᠷᠡᠮᠡᠭᠴᠡ ᠳᠠᠬᠢᠨ ᠥᠴᠦᠭᠡᠳᠦᠷ ᠤᠨ ᠮᠥᠷ ᠢᠶᠠᠨ

ᠮᠤᠰᠬᠢᠨ ᠶᠠᠪᠤᠭᠠᠳ ᠰᠠᠶᠢᠬᠠᠨᠲᠠᠯ᠎ᠠ ᠠᠴᠠ ᠪᠠᠷᠠᠭᠤᠨᠰᠢ ᠳᠡᠮᠡᠢ ᠶᠠᠪᠤᠯ ᠦᠭᠡᠢ ᠪᠠᠰᠠᠯᠠ ᠳᠥᠬᠦᠮ ᠤᠨ ᠠᠳᠤᠭᠤᠨ ᠤ

ᠮᠥᠷ ᠲᠤ ᠪᠠᠯᠠᠷᠠᠵᠤ ᠪᠢᠳᠡᠨ ᠢ ᠳᠠᠬᠢᠨᠲᠠ ᠭᠠᠴᠢᠭᠳᠠᠭᠤᠯᠤᠭᠰᠠᠨ ᠪᠢᠯᠡ᠃ ᠡᠨᠡ ᠤᠳᠠᠭ᠎ᠠ ᠪᠦᠭᠦᠳᠡᠭᠡᠷ ᠶᠣᠰᠤᠲᠠᠢ

ᠪᠠᠴᠢᠮᠳᠠᠵᠠᠭᠠᠯ᠎ᠠ᠂ ᠪᠢᠳᠡᠨ ᠳᠤ ᠴᠠᠭ ᠮᠥᠴᠡ ᠶᠠᠭᠤᠨ ᠠᠴᠠ ᠴᠢᠬᠤᠯᠠ ᠴᠠᠭ ᠤᠳᠠᠭᠠᠰᠢᠷᠠᠬᠤ ᠲᠤᠲᠤᠮ ᠪᠢᠳᠡᠨ ᠳᠤ

ᠠᠰᠢᠭ ᠦᠭᠡᠢ ᠭᠡᠳᠡᠭ ᠢ ᠮᠡᠳᠡᠵᠦ ᠪᠠᠶᠢᠭ᠎ᠠ ᠲᠤᠯᠠ ᠲᠷᠠᠺᠲ᠋ᠤᠷ ᠢᠶᠠᠷ ᠪᠢᠳᠡ ᠬᠦᠮᠦᠨ ᠢᠶᠠᠨ ᠰᠤᠪᠤᠴᠢᠭᠤᠯᠤᠨ

ᠪᠠᠭᠤᠯᠭᠠᠵᠤ ᠠᠰ ᠠᠰ ᠲᠠᠭᠠᠨ ᠮᠥᠷ ᠬᠠᠶᠢᠵᠤ ᠪᠠᠰᠠᠯᠠ ᠬᠦᠨᠳᠡᠯᠡᠨ ᠤᠭᠲᠤᠯᠵᠤ ᠶᠠᠭᠠᠷᠠᠯᠲᠠᠢ ᠮᠥᠷᠳᠡᠪᠡ᠃

ᠡᠴᠦᠰ ᠲᠡᠭᠡᠨ ᠬᠤᠶᠠᠳᠤᠭᠠᠷ ᠡᠳᠦᠷ ᠤᠨ ᠦᠳᠡ ᠶᠢᠨ ᠬᠤᠶᠢᠨ᠎ᠠ ᠪᠢ ᠥᠨᠥᠬᠢ ᠳᠥᠷᠪᠡᠨ ᠮᠣᠷᠢᠨ ᠤ ᠪᠠᠨ ᠮᠥᠷ ᠢ

ᠣᠯᠤᠭᠠᠳ ᠠᠪᠤᠯ᠎ᠠ᠃ ᠲᠡᠭᠡᠭᠡᠳ ᠯᠠ ᠪᠢᠳᠡ ᠮᠥᠷ ᠢᠶᠠᠨ ᠠᠯᠳᠠᠯ ᠦᠭᠡᠢ ᠡᠭᠡᠯᠵᠢ ᠪᠠᠷ ᠶᠠᠪᠠᠭᠠᠨ ᠮᠥᠷᠳᠡᠬᠦ ᠶᠢᠨ

ᠳᠠᠭᠠᠤ ᠣᠶᠢᠷ᠎ᠠ ᠣᠷᠴᠢᠮ ᠤᠨ ᠠᠶᠢᠯ ᠤᠳ ᠢᠶᠠᠷ ᠰᠤᠷᠠᠭ ᠳᠠᠯᠪᠢᠨ ᠥᠪᠡᠷᠰᠡᠳ ᠢᠶᠠᠨ ᠪᠠᠭ᠎ᠠ ᠰᠠᠭ᠎ᠠ ᠬᠡᠯᠡᠨ ᠳᠡᠭᠡᠷ᠎ᠡ

ᠶᠠᠭᠤᠮ᠎ᠠ ᠳᠠᠯᠪᠢᠨ ᠥᠯ ᠵᠠᠯᠭᠠᠨ ᠶᠠᠪᠤᠭᠰᠠᠭᠠᠷ ᠪᠠᠰᠠ ᠨᠢᠭᠡᠨ ᠰᠥᠨᠢ ᠶᠢ ᠲᠡᠷᠭᠡᠨ ᠳᠡᠭᠡᠷ᠎ᠡ ᠪᠠᠨ ᠥᠩᠭᠡᠷᠡᠭᠦᠯᠪᠡ᠃

ᠳᠠᠷᠠᠭ᠎ᠠ ᠡᠳᠦᠷ ᠨᠢ ᠤᠤᠯ ᠶᠤᠰᠤᠭᠠᠷ ᠰᠤᠷᠠᠭ ᠳᠠᠯᠪᠢᠨ ᠠᠶᠢᠯ ᠬᠤᠲᠠ ᠪᠠᠷ ᠣᠷᠤᠨ ᠰᠤᠷᠠᠭᠯᠠᠭᠰᠠᠭᠠᠷ ᠦᠳᠡ ᠶᠢᠨ

ᠬᠤᠶᠢᠨ᠎ᠠ ᠪᠠᠶᠠᠨᠰᠢᠷᠡᠭᠡ ᠶᠢᠨ ᠣᠷᠴᠢᠮ ᠤᠨ ᠨᠢᠭᠡ ᠬᠤᠨᠢᠴᠢᠨ ᠠᠴᠠ ᠥᠴᠦᠭᠡᠳᠦᠷ ᠣᠷᠤᠶᠢᠬᠠᠨ ᠬᠤᠶᠠᠷ ᠮᠣᠷᠢ ᠲᠠᠢ

ᠬᠦᠮᠦᠨ ᠮᠣᠷᠢ ᠬᠥᠲᠦᠯᠦᠭᠡᠳ ᠲᠡᠷᠡ ᠠᠭᠤᠯᠠ ᠶᠢᠨ ᠵᠦᠭ ᠶᠠᠪᠤᠵᠤ ᠪᠠᠶᠢᠭᠰᠠᠨ ᠭᠡᠳᠡᠭ ᠰᠤᠷᠠᠭ ᠣᠯᠵᠤ

ᠰᠣᠨᠤᠰᠤᠭᠠᠳ ᠪᠦᠭᠦᠳᠡᠭᠡᠷ ᠳᠡᠯᠪᠡ ᠪᠠᠶᠠᠷᠯᠠᠨ ᠳᠡᠪᠬᠡᠷᠬᠦ ᠳᠤ ᠣᠶᠢᠷᠠᠳᠴᠤ ᠪᠠᠶᠢᠯ᠎ᠠ᠃ ᠦᠨᠡᠬᠡᠷ ᠡᠷᠢᠯ ᠢ ᠰᠤᠷᠠᠭ ᠢᠶᠠᠷ

ᠭᠡᠬᠦᠴᠢᠯᠡᠨ ᠡᠴᠦᠰ ᠲᠡᠭᠡᠨ ᠰᠤᠷᠠᠭ ᠰᠣᠨᠤᠰᠤᠭᠠᠳ ᠪᠠᠶᠠᠷᠯᠠᠨ ᠬᠥᠭᠡᠷᠦᠯᠳᠦᠬᠦ ᠳᠤ ᠠᠶᠤᠰᠢ ᠱᠦᠵᠢ ᠬᠠᠷᠢᠨ ᠡᠨᠡ

ᠬᠤᠶᠠᠷ ᠡᠳᠦᠷ ᠮᠠᠨ ᠤ ᠰᠤᠮᠤᠨ ᠳᠠᠷᠤᠭ᠎ᠠ ᠶᠢᠨ ᠮᠥᠷᠳᠡᠬᠦ ᠮᠡᠷᠭᠡᠵᠢᠯ ᠪᠠᠶᠢᠭᠰᠠᠨ ᠦᠭᠡᠢ ᠪᠣᠯ ᠬᠠᠮᠢᠭ᠎ᠠ ᠠᠴᠠ ᠡᠶᠢᠮᠦ

ᠬᠤᠯᠠ ᠮᠥᠷᠳᠡᠵᠦ ᠳᠡᠶᠢᠯᠬᠦ ᠶᠤᠮ ᠭᠡᠵᠦ ᠣᠯᠠᠨ ᠢ ᠢᠨᠢᠶᠡᠯᠭᠡᠵᠦ ᠪᠠᠶᠢᠭᠰᠠ ᠶᠤᠮ᠃ ᠲᠡᠭᠡᠭᠡᠳ ᠪᠢᠳᠡ ᠨᠢᠭᠡ ᠮᠥᠴᠡ

ᠴᠤ ᠬᠦᠯᠢᠶᠡᠵᠦ ᠴᠢᠳᠠᠬᠤ ᠪᠠᠨ ᠪᠣᠯᠢᠵᠤ᠂ ᠮᠥᠷᠳᠡᠵᠦ ᠪᠠᠶᠢᠭᠰᠠᠨ ᠮᠥᠷ ᠢᠶᠠᠨ ᠲᠡᠮᠳᠡᠭᠯᠡᠵᠦ ᠲᠠᠯᠪᠢᠭᠠᠳ ᠲᠡᠷᠳᠡᠭᠡ

ᠠᠭᠤᠯᠠ ᠶᠢ ᠴᠢᠭᠯᠡᠨ ᠲᠷᠠᠺᠲ᠋ᠤᠷ ᠢᠶᠠᠷ ᠲᠠᠪᠬᠢᠭᠤᠯᠤᠨ ᠠᠭᠤᠯᠠ ᠶᠢᠨ ᠨᠡᠯᠢᠶᠡᠳ ᠥᠨᠳᠦᠷᠯᠢᠭ ᠰᠢᠭ ᠭᠠᠵᠠᠷ ᠲᠤ

ᠲᠡᠷᠭᠡ ᠪᠠᠨ ᠲᠠᠯᠪᠢᠴᠢᠬᠠᠭᠠᠳ ᠪᠠᠶᠢᠳᠠᠯ ᠢ ᠨᠠᠷᠢᠨ ᠠᠵᠢᠭᠯᠠᠵᠤ ᠪᠠᠶᠢᠲᠠᠯ᠎ᠠ ᠭᠡᠨᠡᠳᠲᠡ ᠨᠢᠭᠡᠨ ᠠᠭᠤᠯᠠ ᠶᠢᠨ

ᠬᠠᠪᠴᠢᠯ ᠠᠴᠠ ᠨᠠᠷᠢᠨ ᠬᠥᠬᠡ ᠤᠲᠤᠭ᠎ᠠ ᠰᠤᠭᠤᠨᠠᠭᠯᠠᠬᠤ ᠬᠠᠷᠠᠭᠳᠠᠯ᠎ᠠ᠃ ᠪᠢᠳᠡ ᠲᠡᠷᠡᠬᠦ ᠤᠲᠤᠭ᠎ᠠ ᠶᠢ ᠲᠠᠭᠠᠨ ᠲᠡᠷᠡ

ᠵᠦᠭ ᠲᠤ ᠠᠯᠭᠤᠷ ᠣᠶᠢᠷᠠᠳᠴᠤ ᠪᠠᠶᠢᠯ᠎ᠠ᠃ ᠱᠦᠵᠢ ᠨᠠᠳᠠ ᠶᠢ ᠫᠤᠤ ᠰᠤᠮᠤ ᠪᠠᠨ ᠪᠡᠯᠡᠬᠡᠨ ᠪᠠᠶᠢᠯᠭᠠᠬᠤ ᠶᠢ

ᠱᠠᠭᠠᠷᠳᠠᠵᠤ ᠪᠢ ᠪᠣᠰᠤᠳ ᠠᠴᠠ ᠪᠠᠨ ᠨᠡᠯᠢᠶᠡᠳ ᠵᠠᠶᠢᠲᠠᠢ ᠶᠠᠪᠤᠵᠤ ᠪᠠᠴᠢᠮ ᠤᠴᠢᠷ ᠭᠠᠷᠪᠠᠯ ᠫᠤᠤ ᠳᠤᠤᠭᠠᠷᠭᠠᠬᠤ ᠳᠤ

ᠪᠡᠯᠡᠬᠡᠨ ᠤᠷᠤᠭᠰᠢᠯᠠᠵᠤ ᠪᠠᠶᠢᠪᠠ᠃ ᠪᠢᠳᠡ ᠥᠨᠥᠬᠢ ᠠᠭᠤᠯᠠ ᠶᠢᠨ ᠬᠠᠪᠴᠢᠯ ᠳᠤ ᠲᠤᠯᠵᠤ ᠬᠦᠷᠬᠦ ᠦᠶ᠎ᠡ ᠮᠠᠨ ᠤ

ᠮᠣᠷᠢᠨ ᠤ ᠡᠵᠡᠨ ᠬᠠᠮᠤᠭ ᠤᠨ ᠲᠥᠷᠦᠭᠦᠦ ᠪᠤᠷᠤᠭᠤ ᠬᠠᠷᠠᠭᠰᠠᠨ ᠭᠤᠤ ᠠᠴᠠ ᠬᠤᠯᠠᠭᠠᠶᠢᠴᠢ ᠬᠢᠭᠡᠳ ᠮᠣᠷᠢᠳ ᠢ

ᠣᠯᠵᠤ ᠦᠵᠡᠭᠡᠳ ᠪᠢᠳᠡᠨ ᠳᠤ ᠳᠣᠬᠢᠶ᠎ᠠ ᠥᠭᠴᠦ ᠪᠢᠳᠡ ᠪᠦᠭᠦᠳᠡᠭᠡᠷ ᠨᠢᠭᠡᠯᠡ ᠳᠡᠭᠡᠷ᠎ᠡ ᠡᠷᠬᠡᠰᠢᠶᠡᠵᠦ ᠠᠪᠤᠭᠰᠠᠨ

ᠶᠤᠮ᠃ ᠬᠤᠶᠠᠷ ᠬᠤᠯᠠᠭᠠᠶᠢᠴᠢ ᠪᠠᠶᠢᠳᠠᠯ ᠨᠢᠭᠡᠨᠲᠡ ᠯᠡᠪᠡᠷᠡᠭᠰᠡᠨ ᠪᠣᠯᠬᠤᠷ ᠲᠡᠷᠡ ᠳᠠᠷᠤᠢ ᠬᠤᠯᠠᠭᠠᠶᠢᠯᠠᠭᠰᠠᠨ

ᠬᠡᠷᠡᠭ ᠢᠶᠠᠨ ᠲᠤᠰᠢᠶᠠᠭᠰᠠᠨ ᠪᠢᠯᠡ᠃ ᠪᠢᠳᠡ ᠴᠤ ᠪᠦᠭᠦᠳᠡᠭᠡᠷ ᠶᠣᠰᠤᠲᠠᠢ ᠲᠣᠮᠤ ᠬᠡᠷᠡᠭ ᠢᠯᠡᠷᠡᠭᠦᠯᠦᠭᠰᠡᠨ ᠳᠡᠭᠡᠨ

ᠪᠠᠶᠠᠷᠯᠠᠵᠤ᠂ ᠬᠤᠶᠠᠷ ᠰᠥᠨᠢ ᠭᠤᠷᠪᠠᠨ ᠡᠳᠦᠷ ᠤᠨ ᠶᠠᠳᠠᠷᠠᠯ ᠵᠦᠳᠡᠷᠡᠯ ᠤᠨ ᠳ᠋ᠦᠩ ᠳᠤ ᠠᠯᠳᠠᠭᠰᠠᠨ ᠮᠣᠷᠢᠳ ᠢᠶᠠᠨ

ᠣᠯᠵᠤ ᠬᠠᠮᠲᠤ ᠨᠢᠭᠡᠴᠡ ᠶᠢᠨ ᠢᠶᠠᠨ ᠮᠠᠯ ᠬᠥᠷᠦᠩᠭᠡ ᠶᠢᠨ ᠬᠤᠬᠢᠷᠠᠯ ᠢ ᠬᠠᠮᠠᠭᠠᠯᠠᠵᠤ ᠴᠢᠳᠠᠭᠰᠠᠨ ᠳᠠᠭᠠᠨ ᠲᠤᠶᠢᠯ ᠢᠶᠠᠷ

ᠣᠮᠤᠭᠰᠢᠵᠤ ᠪᠠᠶᠢᠭᠰᠠᠨ ᠮᠠᠨᠢ ᠶᠠᠭ ᠯᠠ ᠪᠠᠶᠢᠯᠳᠤᠭᠠᠨ ᠳᠤ ᠭᠠᠪᠢᠶ᠎ᠠ ᠪᠠᠶᠢᠭᠤᠯᠤᠭᠰᠠᠨ ᠠᠴᠠ ᠳᠣᠣᠷ᠎ᠠ ᠦᠭᠡᠢ

ᠬᠦᠭᠰᠡᠵᠦ ᠪᠠᠶᠢᠭᠰᠠᠨ ᠨᠢ ᠵᠠᠯᠠᠭᠤ ᠬᠦᠮᠦᠨ ᠤ ᠲᠡᠷᠡ ᠴᠠᠭ ᠤᠨ ᠵᠢᠷᠭᠠᠯ ᠪᠠᠶᠢᠯ᠎ᠠ᠃ ᠲᠡᠭᠡᠭᠡᠳ ᠮᠠᠨ ᠤ ᠮᠣᠷᠢᠨ ᠤ

ᠡᠵᠡᠨ ᠮᠣᠷᠢᠳ ᠢᠶᠠᠨ ᠤᠨᠤᠬᠤ ᠶᠢ ᠨᠢ ᠤᠨᠤᠭᠠᠳ ᠬᠥᠲᠦᠯᠬᠦ ᠶᠢ ᠨᠢ ᠬᠥᠲᠦᠯᠵᠦ ᠨᠤᠲᠤᠭ ᠤᠷᠤᠭᠤ ᠪᠠᠨ ᠪᠤᠴᠠᠨ

ᠪᠢᠳᠡ ᠬᠡᠳᠦ ᠬᠤᠶᠠᠷ ᠬᠤᠯᠠᠭᠠᠶᠢᠴᠢ ᠶᠢ ᠲᠷᠠᠺᠲ᠋ᠤᠷ ᠤᠨ ᠫᠧᠩ ᠳᠤ ᠰᠠᠭᠤᠯᠭᠠᠵᠤ ᠪᠤᠴᠠᠬᠤ ᠵᠠᠮ ᠳᠠᠭᠠᠨ ᠣᠷᠤᠭᠰᠠᠨ

ᠪᠢᠯᠡ᠃ ᠢᠩᠬᠢᠭᠡᠳ ᠯᠠ ᠰᠠᠶ᠋ᠢ ᠪᠦᠭᠦᠳᠡᠭᠡᠷ ᠭᠡᠨᠡᠳᠲᠡ ᠭᠡᠳᠡᠰᠦ ᠥᠯᠦᠰᠴᠦ ᠪᠠᠶᠢᠭ᠎ᠠ ᠪᠠᠨ ᠮᠡᠳᠡᠯ᠎ᠡ᠃ ᠪᠢᠳᠡ

ᠬᠤᠶᠠᠷ ᠬᠤᠨᠤᠭ ᠭᠤᠷᠪᠠᠨ ᠡᠳᠦᠷ ᠲᠤ ᠡᠬᠢᠨ ᠤ ᠡᠳᠦᠷ ᠨᠢᠭᠡᠯᠡ ᠤᠳᠠᠭ᠎ᠠ ᠬᠤᠰᠢᠭᠤᠨ ᠳᠡᠭᠡᠷ᠎ᠡ ᠬᠤᠭᠤᠯᠠᠨ ᠳᠤ

ᠪᠠᠭᠤᠵᠤ ᠭᠡᠳᠡᠰᠦ ᠭᠠᠷᠤᠭᠰᠠᠨ ᠠᠴᠠ ᠬᠤᠶᠢᠰᠢ ᠰᠤᠷᠠᠭ ᠲᠠᠯᠪᠢᠬᠤ ᠪᠠᠷ ᠠᠶᠢᠯ ᠢᠶᠠᠷ ᠣᠷᠤᠨ ᠪᠠᠭ᠎ᠠ ᠰᠠᠭ᠎ᠠ ᠴᠠᠢ

ᠤᠤᠭᠤᠵᠤ ᠥᠯ ᠳᠠᠷᠤᠭᠰᠠᠨ ᠠᠴᠠ ᠥᠭᠡᠷ᠎ᠡ ᠣᠯᠢᠭᠲᠠᠢ ᠶᠠᠭᠤᠮ᠎ᠠ ᠣᠯᠵᠤ ᠢᠳᠡᠭᠡᠳᠦᠢ ᠪᠦᠭᠡᠳ ᠲᠡᠶᠢᠮᠦ ᠴᠤ ᠴᠠᠭ

ᠪᠠᠶᠢᠭᠰᠠᠨ ᠦᠭᠡᠢ ᠶᠣᠰᠤᠲᠠᠢ ᠭᠤᠤᠯ ᠬᠠᠷᠠᠯᠠᠮᠠᠷ ᠥᠯᠦᠰᠴᠦ ᠪᠠᠶᠢᠯ᠎ᠠ᠃ ᠭᠡᠪᠡᠴᠦ ᠢᠯᠠᠯᠲᠠ ᠪᠠᠨ ᠪᠣᠳᠤᠪᠠᠯ ᠠᠷᠠᠢ

ᠵᠢᠭᠠᠬᠠᠨ ᠳᠡᠰᠪᠦᠷᠢᠯᠡᠬᠦ ᠴᠢᠳᠠᠯ ᠣᠷᠤᠬᠤ ᠰᠢᠭ᠋ ᠪᠤᠯᠵᠤ ᠪᠠᠷᠤᠭ ᠶᠠᠪᠠᠭᠠᠨ ᠢᠶᠠᠷ ᠰᠢᠬᠠᠭᠤ ᠲᠡᠶᠢᠮᠦ ᠬᠤᠯᠠ ᠶᠠᠪᠤᠬᠤ ᠳᠤ

ᠴᠦ ᠳᠡᠮᠡᠢ ᠮᠡᠳᠡᠭᠳᠡᠭᠰᠡᠨ ᠦᠭᠡᠢ ᠬᠢᠷᠢ ᠨᠢ ᠪᠤᠴᠠᠭᠠᠳ ᠲᠷᠠᠺᠲ᠋ᠤᠷ ᠢᠶᠠᠷ ᠬᠤᠰᠢᠭᠤ ᠤᠷᠤᠬᠤ ᠳᠤ ᠶᠡᠬᠡᠯ᠎ᠡ ᠬᠤᠯᠠ

ᠰᠢᠭ᠋ ᠰᠠᠨᠠᠭᠳᠠᠵᠤ ᠪᠠᠶᠢᠭᠰᠠᠨ ᠶᠤᠮ᠃ ᠪᠢᠳᠡ ᠬᠤᠯᠠᠭᠠᠶᠢᠴᠢ ᠶᠢ ᠰᠢᠭᠤᠳ ᠬᠤᠰᠢᠭᠤᠨ ᠤ ᠳᠣᠲᠤᠭᠠᠳᠤ ᠶᠢ

ᠬᠠᠮᠠᠭᠠᠯᠠᠬᠤ ᠲᠤᠪᠴᠢᠶᠠᠨ ᠳᠤ ᠬᠦᠷᠭᠡᠭᠡᠳ ᠬᠤᠰᠢᠭᠤᠨ ᠳᠡᠭᠡᠷ᠎ᠡ ᠰᠠᠶᠢᠨ ᠨᠢᠭᠡ ᠭᠡᠳᠡᠰᠦ ᠭᠠᠷᠤᠭᠠᠳ ᠬᠠᠷᠢᠵᠤ ᠢᠷᠡᠪᠡ

᠃ ᠰᠡᠭᠦᠯᠡᠷ ᠨᠢ ᠬᠤᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠠᠴᠠ ᠮᠠᠨ ᠤ ᠪᠠᠷᠢᠭᠠᠳᠠ ᠳᠤ ᠣᠴᠢᠭᠠᠳ

ᠪᠢᠳᠡᠨ ᠠᠴᠠ ᠡᠨᠡ ᠲᠡᠷᠡ ᠪᠠᠶᠢᠳᠠᠯ ᠢ ᠠᠰᠠᠭᠤᠵᠤ ᠪᠠᠶᠢᠯ᠎ᠠ᠃ ᠵᠠ ᠵᠠ᠂ ᠮᠢᠨᠦ ᠡᠷᠦᠬᠡ ᠶᠢᠨ ᠴᠡᠷᠢᠭ ᠤᠨ ᠦᠶ᠎ᠡ ᠳᠤ

ᠡᠶᠢᠮᠦ ᠯᠠ ᠭᠠᠭᠴᠠᠬᠠᠨ ᠮᠠᠷᠳᠠᠭᠳᠠᠰᠢ ᠦᠭᠡᠢ ᠦᠯᠢᠭᠡᠷ ᠲᠠᠢ ᠳ᠋ᠠ︕ ᠭᠡᠳ ᠶᠠᠷᠢᠶ᠎ᠠ ᠪᠠᠨ ᠳᠠᠭᠤᠰᠬᠠᠯ᠎ᠠ᠃

 

 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号