2 ᠰᠠᠷ᠎ᠠ ᠶᠢᠨ 3 ᠤ ᠤᠷᠤᠢ᠂ ᠰᠠᠩᠪᠤᠯᠠᠭ ᠰᠤᠮᠤᠨ ᠤ ᠪᠠᠶ᠋ᠬᠠᠠᠭᠤᠯᠠ ᠭᠠᠴᠠᠭ᠎ᠠ ︽ᠨᠠᠮ ᠳᠤ ᠪᠠᠨ | ᠳᠠᠯᠠᠷᠬᠠᠵᠤ᠂ ᠨᠠᠮ ᠤᠨ ᠦᠬᠡ ᠶᠢ ᠰᠤᠨᠤᠰᠴᠤ᠂ ᠨᠠᠮ ᠢᠶᠠᠨ ᠳᠠᠭᠠᠬᠤ︾ ᠭᠤᠤᠯ ᠰᠡᠳᠦᠪᠳᠦ ᠮᠠᠯᠴᠢᠳ ᠤᠨ ᠰᠤᠶᠤᠯ | ᠤᠨ ᠠᠵᠢᠯᠯᠠᠭ᠎ᠠ ᠵᠤᠬᠢᠶᠠᠨ ᠪᠠᠶᠢᠭᠤᠯᠤᠨ ᠦᠷᠨᠢᠬᠦᠯᠵᠦ᠂ ᠮᠠᠯᠴᠢᠨ ᠲᠦᠮᠡᠨ ᠬᠠᠮᠳᠤᠪᠡᠷ ᠴᠠᠭᠠᠨ ᠰᠠᠷ᠎ᠠ ᠪᠠᠨ ᠤᠭᠳᠤᠨ | ᠪᠡᠯᠭᠡᠯᠡᠯ᠎ᠡ᠃ | ᠰᠠᠩᠪᠤᠯᠠᠭ ᠰᠤᠮᠤᠨ ᠤ ᠤᠳᠤᠷᠢᠳᠤᠯᠭ᠎ᠠ ᠺᠠᠳ᠋ᠷ᠂ ᠬᠦᠷᠰᠢ ᠵᠡᠷᠭᠡᠯᠡᠳᠡᠭᠡ ᠭᠠᠴᠠᠭᠠᠨ ᠤ ᠮᠠᠯᠴᠢᠨ ᠲᠦᠮᠡᠨ᠂ | ᠪᠠᠶ᠋ᠬᠠᠠᠭᠤᠯᠠ ᠭᠠᠴᠠᠭᠠᠨ ᠤ ᠬᠤᠳᠠᠯᠠ ᠲᠦᠮᠡᠨ ᠨᠡᠶᠢᠳᠡ 200 ᠭᠠᠷᠤᠢ ᠬᠦᠮᠦᠨ ᠮᠤᠩᠭᠤᠯ ᠢᠶᠠᠷ ᠢᠶᠠᠨ ᠭᠤᠶᠤᠵᠠᠭᠠᠨ | ᠪᠠᠶ᠋ᠬᠠᠠᠭᠤᠯᠠ ᠭᠠᠴᠠᠭᠠᠨ ᠤ ᠲᠦᠪ ᠲᠤ ᠴᠤᠭᠯᠠᠷᠠᠵᠤ᠂ ᠠᠷᠢᠭᠤᠨ ᠭᠠᠯ ᠤᠨ ᠪᠤᠷᠬᠠᠨ ᠳᠤ ᠪᠠᠨ ᠢᠳᠡᠭᠡ ᠰᠢᠬᠦᠰᠦ | ᠪᠠᠨ ᠡᠷᠭᠦᠨ᠂ ᠲᠦᠳᠡᠭ ᠭᠠᠯ ᠬᠦᠭᠵᠢᠭᠡᠨ᠂ ᠭᠠᠯ ᠢᠶᠠᠨ ᠳᠤᠭᠤᠷᠢᠨ ᠪᠦᠵᠢᠭᠯᠡᠵᠡᠭᠡᠵᠦ᠂ ᠪᠠᠶᠠᠷ ᠨᠠᠶᠢᠷ ᠤᠨ ᠠᠭᠤᠷ | ᠠᠮᠢᠰᠬᠤᠯ ᠦᠨᠢᠷ ᠦᠳᠭᠡᠨ ᠪᠠᠶᠢᠯ᠎ᠠ᠃ | ︽ᠤᠯᠠᠭᠠᠨ ᠪᠤᠭᠴᠤ︾ ᠰᠢᠨ᠎ᠡ ᠴᠠᠭ ᠦᠶ᠎ᠡ ᠶᠢᠨ ᠪᠤᠯᠪᠠᠰᠤᠨ ᠦᠢᠯᠡᠳᠦᠯᠬᠡ ᠶᠢᠨ ᠰᠠᠭᠤᠷᠢᠨ ᠤ ᠮᠤᠩᠭᠤᠯ ᠭᠡᠷ | ᠲᠤ᠂ ᠨᠠᠰᠤᠳᠠᠨ ᠪᠤᠭᠤᠷᠤᠯ ᠤᠳ ᠬᠤᠶᠢᠮᠤᠷ ᠲᠤ ᠨᠠᠯᠠᠶᠢᠨ ᠰᠠᠭᠠᠳᠠᠵᠤ᠂ ᠤᠯᠠᠨ ᠢᠶᠠᠷ ᠢᠶᠠᠨ ᠬᠠᠳᠠᠭ ᠰᠠᠮᠪᠠᠢ ᠪᠠᠷᠢᠨ | ᠰᠢᠨ᠎ᠡ ᠶᠢᠨ ᠵᠤᠯᠭᠠᠯᠳᠠ ᠬᠢᠵᠦ᠂ ᠡᠭᠡᠰᠢᠭ ᠳᠠᠭᠤᠤ ᠡᠭᠦᠰᠬᠡᠨ ᠡᠩᠭᠡ ᠶᠢᠨ ᠢᠷᠦᠬᠡᠯ ᠡᠷᠬᠦᠵᠦ᠂ ᠦᠨᠳᠦᠰᠦᠳᠡᠨ ᠤ | ᠰᠤᠶᠤᠯ ᠵᠠᠩᠰᠢᠯ ᠢᠶᠠᠨ ᠤᠯᠠᠮᠵᠢᠯᠠᠨ ᠪᠠᠳᠠᠷᠠᠭᠤᠯᠵᠤ᠂ 60 ᠨᠠᠰᠤᠨ ᠠᠴᠠ ᠳᠡᠭᠡᠭᠰᠢᠬᠢ ᠠᠬᠠᠮᠠᠳ ᠳᠤᠮᠤᠭᠠᠳᠠᠨ᠂ | ᠨᠠᠰᠤᠳᠠᠨ ᠪᠤᠭᠤᠷᠤᠯᠴᠤᠳ ᠲᠤ ᠪᠠᠨ ᠰᠠᠷ᠎ᠠ ᠰᠢᠨ᠎ᠡ ᠶᠢᠨ ᠪᠡᠯᠡᠭ ᠤᠷᠢᠳᠴᠢᠯᠠᠨ ᠭᠠᠷᠳᠠᠭᠤᠯᠵᠠᠢ᠃ | ᠠᠵᠢᠯᠯᠠᠭ᠎ᠠ ᠳᠤ ᠪᠠᠰᠠ᠂ ᠰᠠᠭᠠᠯᠢ ᠰᠢᠮ᠎ᠡ ᠪᠠᠨ ᠪᠦᠷᠢᠨ ᠠᠰᠢᠭᠯᠠᠵᠤ᠂ ᠰᠢᠨ᠎ᠡ ᠮᠠᠶ᠋ᠢᠭ ᠤᠨ ᠰᠦ ᠰᠠᠭᠠᠯᠢ ᠶᠢᠨ | ᠪᠦᠲᠦᠭᠡᠭᠳᠡᠬᠦᠨ ᠢᠶᠠᠷ ᠤᠷᠤᠯᠭ᠎ᠠ ᠪᠠᠨ ᠨᠡᠮᠡᠭᠳᠡᠬᠦᠯᠵᠦ ᠪᠠᠶᠢᠭ᠎ᠠ ᠰᠢᠨ᠎ᠡ ᠴᠠᠭ ᠤᠨ ᠮᠠᠯᠴᠢᠨ ᠪᠦᠰᠡᠬᠦᠢ ᠶᠢᠨ ᠰᠦ | ᠴᠠᠭᠠᠨ ᠢᠳᠡᠭᠡᠨ ᠤ ᠳᠡᠯᠭᠡᠨ ᠦᠵᠡᠬᠦᠯᠦᠯᠭᠡ ᠬᠢᠵᠦ᠂ ᠭᠠᠴᠠᠭᠠᠨ ᠤ ᠮᠠᠯᠴᠢᠳ ᠢᠶᠠᠨ ᠵᠤᠷᠢᠭᠵᠢᠭᠤᠯᠤᠨ | ᠳᠠᠶᠢᠴᠢᠯᠠᠵᠠᠢ᠃ |