ᠡᠳᠡᠭᠡᠷ ᠠᠮᠲᠠᠲᠤ ᠢᠳᠡᠭᠡᠨ ᠨᠢ ᠪᠦᠷ ᠴᠢᠰᠤᠨ ᠰᠢᠬᠢᠷ ᠢ ᠳᠡᠭᠡᠭᠰᠢᠯᠡᠭᠦᠯᠬᠦ ︽ᠬᠠᠪᠰᠤᠷᠤᠭᠴᠢ︾ ᠪᠣᠯᠳᠠᠭ︕
ᠨᠡᠶᠢᠲᠡᠯᠡᠭᠰᠡᠨ ᠴᠠᠭ᠄
2024/2/4
      ᠰᠢᠯᠦᠬᠡᠶ ᠲᠤᠲᠤᠷᠭᠠᠨ ᠤ ᠲᠥᠷᠥᠯ ᠤᠨ ᠢᠳᠡᠭᠡᠨ᠄ ᠰᠢᠯᠦᠬᠡᠶ ᠶᠢᠨ ᠭᠤᠯᠢᠷ ᠤᠨ  ᠪᠤᠤᠪᠤ᠂  ᠦᠯᠵᠠᠶᠢᠳᠦ  ᠪᠣᠭᠤᠷᠰᠤᠭ︵汤圆︶᠂ ᠰᠢᠯᠦᠬᠡᠶ ᠡᠷᠳᠡᠨᠢ ᠰᠢᠰᠢ᠂ ᠰᠢᠯᠦᠬᠡᠶ ᠨᠠᠷᠢᠮᠤ ᠵᠡᠷᠭᠡ ᠪᠠᠷ ᠬᠢᠭᠰᠡᠨ ᠢᠳᠡᠭᠡᠨ ᠤ  ᠣᠯᠠᠩᠬᠢ ᠨᠢ  ᠨᠡᠯᠢᠶᠡᠳ  ᠣᠯᠠᠨ‌‍ᠬᠡᠯᠬᠢᠶᠡᠲᠦ ᠴᠠᠷᠳᠠᠭᠤᠯ  ᠠᠭᠤᠯᠵᠤ  ᠪᠠᠶᠢᠳᠠᠭ  ᠎ ᠠᠴᠠ  ᠰᠢᠩᠭᠡᠭᠡᠬᠦ  ᠢᠰᠬᠡᠭᠦᠷ ᠤᠨ  ᠦᠢᠯᠡᠳᠦᠯ  ᠳᠤᠤᠷ᠎ᠠ  ᠠᠮᠠᠷᠬᠠᠨ  ᠵᠠᠳᠠᠷᠠᠨ‌‍ᠰᠢᠩᠭᠡᠭᠡᠭᠳᠡᠵᠦ᠂ ᠴᠢᠰᠤᠨ ᠰᠢᠬᠢᠷ ᠢ ᠳᠡᠭᠡᠭᠰᠢᠯᠡᠭᠦᠯᠬᠦ ︽ᠬᠠᠪᠰᠤᠷᠤᠭᠴᠢ︾ ᠪᠣᠯᠳᠠᠭ᠃        ᠨᠠᠷᠢᠯᠢᠭ ᠴᠠᠭᠠᠨ ᠭᠤᠯᠢᠷ ᠢᠶᠠᠷ ᠬᠢᠭᠰᠡᠨ ᠢᠳᠡᠭᠡᠨ᠄ ᠵᠢᠱᠢᠶᠡᠯᠡᠪᠡᠯ ᠠᠯᠠᠭ ᠮᠠᠨᠲᠠᠤ᠂ ᠴᠠᠭᠠᠨ ᠮᠠᠨᠲᠠᠤ ᠵᠡᠷᠭᠡ ᠨᠢ ᠴᠢᠰᠤᠨ‌‍ᠰᠢᠬᠢᠷ ᠢ ᠶᠡᠭᠡ ᠪᠠᠷ ᠬᠡᠯᠪᠡᠯᠵᠡᠭᠦᠯᠵᠦ ᠮᠡᠳᠡᠬᠦ ᠪᠥᠭᠡᠳ ᠴᠢᠰᠤᠨ ᠥᠭᠡᠬᠦ ᠶᠢ ᠬᠢᠵᠠᠭᠠᠷᠯᠠᠬᠤ ᠳᠤ ᠠᠰᠢᠭ ᠦᠭᠡᠢ ᠪᠠᠶᠢᠳᠠᠭ᠃        ᠮᠢᠬᠠᠨ ᠰᠢᠶᠠᠨᠰᠠ ᠲᠠᠢ ᠭᠤᠯᠢᠷ ᠤᠨ ᠢᠳᠡᠭᠡᠨ᠄ ᠵᠢᠱᠢᠶᠡᠯᠡᠪᠡᠯ ᠪᠠᠩᠰᠢ᠂ ᠪᠤᠤᠵᠠ  ᠎ ᠶᠢᠨ  ᠰᠢᠶᠠᠨᠰᠠᠨ  ᠳᠣᠲᠣᠷ᠎ᠠ ᠮᠢᠬ᠎ᠠ ᠪᠣᠯᠤᠨ ᠲᠣᠰᠣ ᠠᠷᠪᠢᠨ ᠬᠢᠪᠡᠯ ᠴᠢᠰᠤᠨ ᠤ ᠥᠭᠡᠬᠦ᠂ ᠰᠢᠭᠡᠰᠦᠨ ᠬᠦᠴᠢᠯ᠂ ᠴᠢᠰᠤᠨ ᠰᠢᠬᠢᠷ ᠢ ᠥᠨᠳᠥᠷᠵᠢᠭᠦᠯᠳᠡᠭ᠃        ᠳᠠᠪᠤᠰᠤᠯᠠᠭᠰᠠᠨ  ᠮᠢᠬᠠᠨ  ᠢᠳᠡᠭᠡᠨ᠄  ᠵᠢᠱᠢᠶᠡᠯᠡᠪᠡᠯ  ᠳᠠᠪᠤᠰᠤᠯᠠᠭᠰᠠᠨ  ᠵᠢᠭᠠᠰᠤ᠂  ᠳᠠᠪᠤᠰᠤᠯᠠᠭᠰᠠᠨ  ᠮᠢᠬ᠎ᠠ  ᠵᠡᠷᠭᠡ ᠪᠣᠯᠪᠠᠰᠤᠷᠠᠭᠤᠯᠤᠨ ᠡᠳ᠋ᠰᠢᠬᠦᠯᠦᠭᠰᠡᠨ ᠢᠳᠡᠭᠡᠨ ᠨᠢ ᠵᠣᠬᠢᠬᠤ ᠬᠡᠮᠵᠢᠶᠡᠨ ᠤ ᠥᠮᠡᠨ ᠡᠭᠦᠰᠭᠡᠬᠦ ᠠᠶᠤᠯ ᠲᠠᠢ᠃        ᠵᠢᠶᠠᠩᠯᠠᠬᠰᠠᠨ ᠮᠢᠬᠠᠨ ᠤ ᠲᠥᠷᠥᠯ ᠎ ᠤᠨ ᠢᠳᠡᠭᠡᠨ ︵酱肉类食品︶᠄ ᠵᠢᠱᠢᠶᠡᠯᠡᠪᠡᠯ ᠵᠢᠶᠠᠩᠯᠠᠬᠰᠠᠨ ᠨᠤᠭᠤᠰᠤ‌ᠨᠢ ᠱᠣᠷᠪᠣᠭ ᠠᠮᠳᠠ ᠲᠠᠢ ᠮᠦᠷᠳᠡᠭᠡᠨ ᠰᠢᠬᠢᠷᠯᠢᠭ ᠠᠮᠳᠠ ᠲᠠᠢ᠂ ᠰᠢᠬᠢᠷᠯᠢᠭ ᠠᠮᠲᠠ ᠨᠢ ᠱᠣᠷᠪᠣᠭ ᠠᠮᠲᠠ ᠶᠢ  ᠲᠠᠷᠤᠬᠰᠠᠨ  ᠡᠴᠠ‌‍ᠰᠠᠨᠠᠭᠠᠨ ᠳᠤ ᠤᠷᠤᠬᠤ ᠦᠭᠡᠢ ᠪᠠᠷ ᠳᠠᠪᠤᠰᠤ ᠠᠭᠤᠯᠤᠬᠰᠠᠨ ᠵᠢᠶᠠᠩᠯᠠᠬᠰᠠᠨ ᠨᠤᠭᠤᠰᠤ ᠶᠢ ᠨᠡᠯᠢᠶᠡᠳ ᠠᠷᠪᠢᠨ ᠢᠳᠡᠳᠡᠭ᠂ ᠲᠡᠶᠢᠨ‌‍ᠬᠦ ᠴᠢᠰᠤᠨ ᠳᠠᠷᠤᠯᠲᠠ ᠶᠢ ᠥᠨᠳᠥᠷᠵᠢᠬᠦ ᠳᠤ ᠬᠦᠷᠦᠭᠦᠯᠳᠡᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号