ᠪᠤᠭᠤᠷᠤᠯ ᠵᠢᠯ ᠮᠤᠷᠢᠯᠠᠵᠤ ᠪᠤᠶᠠᠨᠲᠤ ᠤᠨ ᠰᠠᠭᠠᠲᠠᠵᠤ ᠪᠠᠶᠢᠭ᠎ᠠ ᠰᠠᠶᠢᠬᠠᠨ ᠴᠠᠭ ᠢᠶᠠᠷ ᠮᠤᠩᠭᠤᠯ ᠮᠤᠷᠢᠨ ᠤ | ᠴᠤᠴᠠᠯᠲᠠ ᠥᠭᠡᠢ ᠵᠤᠷᠢᠭ ᠢ ᠠᠭᠤᠯᠤᠭᠰᠠᠨ ᠪᠠᠶᠠᠯᠢᠭ ᠠᠭᠤᠯᠭ᠎ᠠ ᠪᠦᠬᠦᠢ ᠠᠵᠢᠯᠯᠠᠭ᠎ᠠ ᠡᠬᠡ ᠨᠤᠲᠤᠭ ᠤᠨ ᠮᠠᠨᠢ | ᠴᠢᠬᠢᠨ ᠤ ᠴᠢᠮᠡᠭ ᠪᠤᠯᠵᠤ ᠲᠤᠭᠤᠯᠲᠠᠨᠠ᠃ | ᠰᠠᠶ᠋ᠢᠬᠠᠨ ᠰᠦᠨᠢᠳ ᠪᠠᠷᠠᠭᠤᠨ ᠬᠤᠰᠢᠭᠤᠨ ᠤ ᠰᠠᠶᠢᠬᠠᠨᠲᠠᠯ᠎ᠠ ᠪᠠᠯᠭᠠᠰᠤᠨ ᠤ ᠨᠤᠮᠢᠨᠲᠠᠯᠠ ᠭᠠᠴᠠᠭᠠᠨ ᠤ | ᠬᠠᠪᠰᠤᠷᠤᠨ ᠲᠡᠳᠬᠦᠭᠰᠡᠨ ᠨᠢᠭᠡᠴᠡ ᠬᠤᠰᠢᠭᠤ ᠬᠦᠳᠡᠭᠡ ᠤᠷᠤᠨ ᠢ ᠬᠦᠭᠵᠢᠭᠦᠯᠥᠨ ᠮᠠᠨᠳᠤᠭᠤᠯᠬᠤ ᠲᠤᠪᠴᠢᠶᠠᠨ ᠤ | ᠬᠢᠨ ᠲᠤᠰ ᠭᠠᠴᠠᠭᠠᠨ ᠤ 2017 ᠤᠨ ᠠᠴᠠ ᠨᠠᠰᠢᠬᠢ ᠤᠨᠢᠨ ᠲᠡᠭᠡᠷ᠎ᠡ ᠨᠢ ᠶᠠᠳᠠᠭᠤ ᠶᠢ ᠲᠡᠳᠬᠦᠬᠦ ᠪᠠ | ᠶᠠᠳᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠥᠷ᠎ᠡ ᠪᠦᠲᠦᠭᠡᠯ ᠢ ᠬᠦᠳᠡᠭᠡ ᠤᠷᠤᠨ ᠢ ᠬᠦᠭᠵᠢᠭᠦᠯᠥᠨ | ᠮᠠᠨᠳᠤᠭᠤᠯᠬᠤ ᠠᠵᠢᠯ ᠲᠠᠢ ᠪᠦᠲᠦᠮᠵᠢᠲᠠᠢ ᠠᠮᠠ ᠰᠡᠭᠡᠷ ᠵᠤᠯᠭᠠᠭᠤᠯᠵᠤ ᠪᠦᠬᠦᠢ ᠠᠭᠤᠯᠠᠭ᠎ᠠ ᠲᠠᠢ ᠤᠷᠤᠨ ᠨᠤᠲᠤᠭ ᠤᠨ | ᠠᠯᠪᠠᠨ ᠰᠦᠯᠵᠢᠶ᠎ᠡ᠂ ᠠᠶᠢᠮᠠᠭ ᠤᠨ ᠲᠡᠰ ᠠᠴᠠ ᠲᠡᠭᠡᠭᠰᠢᠬᠢ ᠷᠠᠳᠢᠤ᠋ ᠲᠧᠯᠸᠢᠰ ᠰᠤᠨᠢᠨ ᠮᠡᠳᠡᠭᠡᠨ ᠤ ᠵᠠᠭᠤᠴᠢᠯᠠᠭᠤᠷ | ᠲᠤ ᠨᠡᠶᠢᠲᠡᠯᠡᠭᠲᠡᠭᠰᠡᠨ ᠡᠬᠡ ᠪᠢᠴᠢᠭ ᠵᠢᠷᠤᠭᠲᠤ ᠮᠡᠳᠡᠭᠡᠯᠡᠯ ᠢᠶᠠᠨ ︽ᠨᠤᠮᠢᠨᠲᠠᠯᠠ ᠶᠢᠨ ᠥᠵᠡᠰᠬᠦᠯᠡᠩ︾ ᠬᠡᠭᠦ | ᠭᠠᠷᠴᠠᠭ ᠢᠶᠠᠷ ᠡᠮᠬᠢᠯᠡᠨ ᠲᠡᠪᠲᠡᠷᠯᠡᠵᠦ ᠨᠤᠮᠢᠨᠲᠠᠯᠠ ᠭᠠᠴᠠᠭᠠᠨ ᠤ ᠨᠤᠮ ᠤᠨ ᠥᠷᠦᠭᠡᠨ ᠳᠤ ᠪᠡᠯᠭᠡᠯᠡᠨ ᠬᠦᠷᠭᠡᠬᠦ | ᠠᠵᠢᠯᠯᠠᠭ᠎ᠠ ᠥᠷᠨᠢᠭᠦᠯᠥᠭᠰᠡᠨ ᠪᠠᠶᠢᠨ᠎ᠠ᠃ ᠡᠭᠦᠨ ᠤ ᠲᠠᠭᠠᠤ ︽ᠰᠢᠯᠢ ᠶᠢᠨ ᠭᠤᠤᠯ︾ ᠰᠡᠳᠬᠦᠯ ᠤᠨ ᠰᠦᠨᠢᠳ | ᠪᠠᠷᠠᠭᠤᠨ ᠬᠤᠰᠢᠭᠤᠨ ᠤ ᠨᠡᠮᠡᠯᠲᠡ ᠳ᠋ᠤᠭᠠᠷ ᠰᠡᠳᠬᠦᠯ ᠢ ᠲᠠᠷᠬᠠᠭᠠᠭᠰᠠᠨ ᠪᠠᠶᠢᠨ᠎ᠠ᠃ | ᠠᠵᠢᠯᠯᠠᠭᠠᠨ ᠳᠤ ᠰᠠᠶᠢᠬᠠᠨᠲᠠᠯ᠎ᠠ ᠪᠠᠯᠭᠠᠰᠤᠨ ᠤ ᠨᠠᠮ ᠤᠨ ᠬᠤᠷᠢᠶᠠᠨ ᠤ ᠲᠤᠰᠬᠠᠢ ᠲᠤᠰᠢᠶᠠᠯᠲᠦ ᠱᠦᠵᠢ᠂ | ᠪᠠᠯᠭᠠᠰᠤᠨ ᠤ ᠤᠬᠠᠭᠤᠯᠬᠤ ᠬᠡᠰᠢᠭᠦᠨ᠂ ᠭᠠᠴᠠᠭᠠᠨ ᠳᠤ ᠲᠤᠮᠢᠯᠠᠭᠳᠠᠭᠰᠠᠨ ᠨᠢᠭᠡᠳᠦᠭᠡᠷ ᠱᠦᠵᠢ᠂ ᠨᠤᠮᠢᠨᠲᠠᠯᠠ | ᠭᠠᠴᠠᠭᠠᠨ ᠤ ᠬᠤᠶᠠᠷ ᠵᠥᠪᠯᠡᠯ ᠤᠨ ᠬᠢᠨ ᠵᠢᠴᠢ ᠭᠡᠰᠡᠭ ᠪᠦᠯᠥᠭ ᠮᠠᠯᠴᠢᠳ ᠤᠷᠤᠯᠴᠠᠭᠰᠠᠨ ᠪᠠᠶᠢᠨ᠎ᠠ᠃ | |