ᠤᠯᠠᠭᠠᠨ ᠮᠤᠶᠢᠯ ᠤᠨ ᠠᠵᠤ ᠦᠢᠯᠡᠰ ᠤᠨ ᠬᠦᠭᠵᠢᠯᠳᠡ ᠳᠤᠰᠬᠤᠨ ᠤ ᠠᠷᠠᠳ ᠤᠨ ᠪᠠᠶᠠᠵᠢᠯ ᠤᠨ ᠬᠦᠳᠦᠴᠢ ᠪᠤᠯᠵᠤ ᠪᠠᠶᠢᠨ᠎ᠠ
ᠨᠡᠶᠢᠲᠡᠯᠡᠭᠰᠡᠨ ᠴᠠᠭ᠄
2023/8/1
   2019 ᠣᠨ ᠳᠤ ᠵᠢᠷᠦᠬᠡ ᠪᠠᠯᠭᠠᠰᠤᠨ ᠤ ᠬᠤᠩᠭᠤᠷᠠᠤᠪᠤᠭ᠎ᠠ ᠲᠣᠰᠬᠤᠨ ᠳᠤ ᠤᠯᠠᠭᠠᠨ ᠮᠤᠶᠢᠯ ᠳᠠᠷᠢᠵᠤ ᠤᠷᠭᠤᠭᠤᠯᠤᠨ ᠠᠮᠵᠢᠯᠲᠠ ᠣᠯᠣᠭᠰᠠᠨ ᠠᠴᠠ ᠨᠠᠰᠢ᠂ ᠵᠢᠯ ᠳᠠᠷᠠᠭᠠᠯᠠᠨ ᠡᠯᠪᠡᠭ ᠬᠤᠷᠢᠶᠠᠯᠲᠠ ᠣᠯᠵᠤ᠂ ᠡᠨᠡ ᠵᠢᠯ ᠮᠦᠨ ᠡᠯᠪᠡᠭ ᠬᠤᠷᠢᠶᠠᠯᠲᠠ ᠪᠠᠷ ᠢᠶᠠᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠢᠯ ᠤᠨ ᠰᠢᠨ᠎ᠡ ᠦᠷ᠎ᠡ ᠪᠦᠲᠦᠮᠵᠢ   ᠶᠢ ᠤᠯᠤᠭᠰᠠᠨ ᠪᠠᠶᠢᠨ᠎ᠠ᠃     ᠤᠯᠠᠯᠵᠠᠨ ᠤᠷᠭᠤᠭᠰᠠᠨ ᠤᠯᠠᠭᠠᠨ ᠮᠤᠶᠢᠯ  ᠬᠦᠯᠡᠮᠵᠢ ᠳᠤ ᠤᠷᠤᠭᠰᠠᠨ ᠪᠤᠯᠭᠠᠨ ᠤ ᠳᠤᠷ᠎ᠠ ᠶᠢ ᠳᠠᠳᠠᠨ᠂ ᠠᠩᠭᠢᠯᠤᠮ᠎ᠠ ᠰᠤᠷᠭᠤᠭ ᠦᠨᠦᠷ ᠬᠦᠯᠡᠮᠵᠢ ᠲᠦᠭᠦᠷᠡᠩ ᠬᠠᠩᠬᠤᠯᠤᠨ᠎ᠠ᠃ ᠠᠵᠢᠯᠲᠠᠳ ᠤᠯᠠᠭᠠᠨ ᠮᠤᠶᠢᠯ ᠤᠨ ᠤᠷᠭᠤᠯᠲᠠ ᠶᠢᠨ ᠠᠭᠤᠷ ᠠᠮᠢᠰᠬᠤᠯ ᠤᠨ ᠣᠷᠴᠢᠨ ᠢ ᠳᠠᠭᠤᠷᠢᠶᠠᠨ᠂ ᠳᠤᠯᠠᠭᠠᠨ ᠤ ᠬᠡᠮᠵᠢᠶ᠎ᠡ᠂ ᠴᠢᠭᠢᠭᠲᠦᠴᠡ ᠪᠠ ᠬᠡᠷᠡᠯ ᠤᠨ ᠲᠤᠰᠤᠯᠲᠠ ᠶᠢ ᠴᠢᠩᠭ᠎ᠠ ᠬᠢᠵᠠᠭᠠᠷᠯᠠᠳᠠᠭ ᠨᠢ ᠵᠢᠮᠢᠰ ᠤᠨ ᠬᠤᠷᠢᠶᠠᠯᠳᠠ ᠡᠯᠪᠡᠭ ᠪᠠᠶᠢᠳᠠᠭ ᠤᠨ ᠴᠢᠬᠤᠯᠠ ᠨᠦᠬᠦᠴᠡᠯ ᠪᠤᠯᠵᠤ ᠪᠠᠶᠢᠳᠠᠭ᠃ ᠣᠶᠢᠯᠠᠭᠠᠭᠰᠠᠨ ᠢᠶᠠᠷ᠂ ᠡᠨᠡ ᠵᠢᠯ ᠬᠤᠩᠭᠤᠷᠠᠤᠪᠤᠭ᠎ᠠ ᠲᠣᠰᠬᠤᠨ ᠤ ᠤᠯᠠᠭᠠᠨ ᠮᠤᠶᠢᠯ ᠤᠨ ᠬᠤᠷᠢᠶᠠᠯᠲᠠ ᠪᠠᠰᠠ ᠰᠢᠨ᠎ᠡ ᠲᠡᠮᠳᠡᠭᠯᠡᠯ ᠢ ᠡᠭᠦᠳᠴᠦ᠂ ᠬᠦᠯᠡᠮᠵᠢ ᠪᠦᠷᠢ ᠠᠴᠠ 3000 ᠵᠢᠩ ᠵᠢᠮᠢᠰ ᠬᠤᠷᠢᠶᠠᠵᠤ᠂ 30 ᠭᠠᠷᠤᠢ ᠲᠦᠮᠡᠨ ᠲᠥᠭᠦᠷᠢᠭ ᠤᠨ ᠣᠷᠣᠯᠭ᠎ᠠ ᠡᠭᠦᠳᠴᠠᠢ᠃ ᠬᠦᠯᠡᠮᠵᠢ ᠶᠢᠨ ᠵᠢᠯ ᠳᠠᠷᠠᠭᠠᠯᠠᠨ ᠡᠯᠪᠡᠭ ᠬᠤᠷᠢᠶᠠᠯᠲᠠ ᠤᠯᠵᠤ ᠪᠠᠶᠢᠬᠤ ᠶᠢ ᠬᠠᠷᠠᠭᠠᠳ᠂ ᠠᠳᠡ ᠬᠥᠯᠥᠰᠦᠨ ᠠᠵᠢᠯ ᠬᠢᠵᠦ ᠪᠠᠶᠢᠭ᠎ᠠ ᠲᠣᠰᠬᠤᠨ ᠤ ᠠᠷᠠᠳ ᠸᠠᠩ ᠼᠦᠢ ᠯᠢᠶᠠᠨ ᠴᠤ ᠰᠡᠳᠬᠢᠯ ᠦᠨᠳᠦᠷ ᠪᠠᠶᠢᠯ᠎ᠠ᠃    ᠲᠣᠰᠬᠤᠨ ᠤ ᠠᠷᠠᠳ ᠸᠠᠩ ᠼᠦᠢ ᠯᠢᠶᠠᠨ ︵ᠪᠢ ᠠᠳᠡ ᠢᠷᠡᠭᠡᠳ 3 ᠵᠢᠯ ᠪᠣᠯᠵᠤ ᠪᠠᠶᠢᠨ᠎ᠠ᠃ ᠨᠢᠭᠡ ᠳᠠᠯ᠎ᠠ  ᠪᠠᠷ ᠪᠠᠭ᠎ᠠ ᠰᠠᠭ᠎ᠠ ᠣᠷᠣᠯᠭ᠎ᠠ ᠲᠠᠢ ᠪᠤᠯᠬᠤ ᠶᠢ ᠪᠤᠳᠤᠵᠤ ᠪᠠᠶᠢᠨ᠎ᠠ᠂ ᠨᠦᠭᠦᠭᠡ ᠳᠠᠯ᠎ᠠ ᠪᠠᠷ ᠲᠠᠷᠢᠮᠠᠯ ᠤᠨ ᠳᠤᠷᠰᠢᠯᠭ᠎ᠠ ᠰᠤᠷᠴᠤ ᠬᠤᠷᠠᠮᠳᠤᠭᠤᠯᠪᠠᠯ ᠬᠤᠵᠢᠮ ᠪᠠᠰᠠ ᠥᠪᠡᠷ ᠲᠤ ᠪᠠᠨ ᠭᠡᠷᠡᠭᠳᠡᠢ ᠭᠡᠵᠦ ᠪᠤᠳᠤᠵᠤ ᠪᠠᠶᠢᠨ᠎ᠠ︶    ᠬᠡᠳᠦᠨ ᠵᠢᠯ ᠤᠨ ᠳᠤᠷᠰᠢ ᠠᠷᠠᠴᠢᠯᠠᠨ ᠬᠠᠮᠠᠭᠠᠯᠠᠵᠤ ᠤᠷᠭᠤᠭᠤᠯᠬᠤ ᠮᠡᠷᠭᠡᠵᠢᠯ ᠳᠤᠷᠰᠢᠯᠭ᠎ᠠ ᠪᠠᠨ ᠦᠷᠬᠦᠯᠵᠢᠯᠡᠨ ᠰᠢᠯᠢᠳᠡᠭᠵᠢᠬᠦᠯᠬᠦ ᠪᠠᠷ ᠳᠠᠮᠵᠢᠨ᠂ ᠵᠢᠮᠢᠰ ᠤᠨ ᠮᠣᠳᠣᠨ ᠤ ᠡᠳᠡᠭᠡᠷᠡᠯᠲᠡ ᠶᠢᠨ ᠨᠣᠷᠮ᠎ᠠ 95% ᠠᠴᠠ ᠳᠡᠭᠡᠭᠰᠢ   ᠳᠤ ᠬᠦᠷᠴᠦ᠂ ᠵᠢᠮᠢᠰ ᠤᠨ ᠤᠷᠭᠤᠴᠠ ᠶᠢᠨ ᠪᠠᠶᠢᠳᠠᠯ ᠮᠠᠰᠢ ᠰᠠᠶᠢᠨ ᠪᠠᠶᠢᠵᠤ᠂ ᠭᠠᠳᠠᠷ ᠬᠡᠯᠪᠡᠷᠢ᠂ ᠥᠩᠭᠡ ᠪᠤᠳᠤᠭ᠂ ᠶᠡᠭᠡ ᠪᠠᠭ᠎ᠠ ᠶᠢᠨ ᠬᠡᠮᠵᠢᠶ᠎ᠡ᠂ ᠰᠢᠬᠢᠷᠯᠢᠭ ᠤᠨ ᠬᠡᠮᠵᠢᠶ᠎ᠡ ᠨᠢ ᠴᠥᠮ ᠴᠢᠨᠠᠷ ᠰᠠᠶᠢᠲᠠᠢ ᠵᠢᠮᠢᠰ ᠤᠨ ᠪᠠᠷᠢᠮᠵᠢᠶᠠᠨ ᠳᠤ ᠬᠦᠷᠴᠦ᠂ ᠢᠯᠠᠩᠭᠤᠶ᠎ᠠ ᠠᠮᠲᠠ ᠰᠢᠮᠲᠡ ᠨᠢ ᠵᠠᠬ᠎ᠠ ᠳᠡᠯᠭᠡᠭᠦᠷ ᠤᠨ ᠠᠳᠠᠯᠢ ᠲᠥᠷᠥᠯ ᠤᠨ ᠪᠦᠲᠦᠭᠡᠭᠳᠡᠬᠦᠨ ᠠᠴᠠ ᠢᠯᠡᠳᠲᠡ ᠰᠠᠶᠢᠨ ᠪᠠᠶᠢᠵᠤ ᠭᠡᠷᠡᠭᠯᠡᠭᠴᠢᠳ ᠤᠨ ᠳᠠᠭᠠᠰᠢᠶᠠᠯ ᠳᠤ ᠬᠦᠷᠴᠡᠢ᠃ 2022 ᠣᠨ ᠳᠤ ᠵᠢᠷᠦᠬᠡ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠳᠡᠭᠡᠳᠦ ᠱᠠᠲᠤᠨ ᠠᠴᠠ ᠳᠠᠬᠢᠨᠳᠠ 500 ᠲᠦᠮᠡᠨ ᠲᠥᠭᠦᠷᠢᠭ ᠤᠨ ᠪᠡᠯᠡ ᠮᠥᠩᠭᠦ ᠭᠤᠶᠤᠴᠢᠯᠠᠵᠤ᠂ ᠪᠠᠰᠠ 4 ᠲᠣᠮᠣ ᠫᠧᠩ ᠥᠷᠭᠡᠳᠬᠡᠨ ᠪᠠᠶᠢᠭᠤᠯᠵᠤ᠂ ᠤᠯᠠᠭᠠᠨ ᠮᠤᠶᠢᠯ ᠤᠨ ᠳᠠᠷᠢᠮᠠᠯ  ᠤᠨ ᠬᠡᠪᠴᠢᠶ᠎ᠡ ᠪᠠᠨ ᠤᠯᠠᠮ ᠨᠢᠭᠡ ᠠᠯᠬᠤᠮ ᠥᠷᠭᠡᠳᠬᠡᠪᠡ᠃    ᠬᠤᠩᠭᠤᠷᠠᠤᠪᠤᠭ᠎ᠠ ᠲᠣᠰᠬᠤᠨ ᠤ ᠨᠠᠮ ᠤᠨ ᠡᠭᠦᠷ ᠤᠨ ᠱᠦᠵᠢ ᠵᠠᠩ  ᠯᠢ ᠫᠢᠩ ︵ᠡᠨᠡ ᠬᠡᠳᠦᠨ ᠵᠢᠯ ᠲᠣᠰᠬᠤᠨ ᠤ ᠠᠵᠤ ᠦᠢᠯᠡᠰ ᠤᠨ ᠲᠦᠷᠦᠯ ᠵᠦᠢᠯ ᠤᠨ ᠠᠰᠢᠭ ᠬᠤᠪᠢᠶᠠᠷᠢᠯᠠᠯᠲᠠ ᠪᠠᠷ ᠲᠠᠮᠵᠢᠨ᠂ ᠲᠣᠰᠬᠤᠨ ᠤ ᠬᠠᠮᠲᠤ ᠶᠢᠨ ᠠᠵᠤ ᠠᠬᠤᠢ ᠶᠢᠨ ᠨᠡᠩ ᠰᠠᠶᠢᠨ ᠬᠥᠭᠵᠢᠯᠲᠡ ᠶᠢ ᠪᠦᠲᠦᠮᠵᠢᠲᠡᠢ ᠲᠠᠶᠢᠴᠢᠯᠠᠵᠦ᠂ ᠲᠣᠰᠬᠤᠨ ᠤ ᠠᠷᠠᠳ ᠤᠨ ᠵᠣᠯ ᠵᠢᠷᠭᠠᠯᠲᠤ ᠲᠥᠷᠥᠭᠳᠡᠯ ᠪᠠ ᠬᠦᠷᠲᠡᠮᠵᠢ ᠶᠢᠨ ᠲᠥᠷᠥᠭᠳᠡᠯ ᠢ ᠨᠡᠮᠡᠭᠳᠡᠭᠦᠯᠦᠭᠰᠡᠨ᠂ ᠡᠨᠡ ᠵᠢᠯ ᠪᠢᠳᠡ ᠬᠤᠰᠢᠭᠤᠨ ᠠᠴᠠ ᠤᠯᠠᠭᠠᠨ ᠢᠳᠡᠭᠡᠨ ᠪᠣᠯᠪᠠᠰᠤᠷᠠᠭᠤᠯᠬᠤ ᠪᠠ ᠨᠣᠣᠰᠣ ᠨᠤᠤᠯᠤᠷ ᠪᠣᠯᠪᠠᠰᠤᠷᠠᠭᠤᠯᠬᠤ 4 ᠠᠵᠤ ᠠᠬᠤᠶᠢᠯᠠᠯ ᠢ ᠰᠣᠩᠭᠤᠨ ᠪᠡᠯᠡ ᠤᠷᠤᠭᠤᠯᠵᠠᠢ᠂ ᠵᠢᠯ ᠤᠨ ᠡᠴᠦᠰ ᠲᠤ ᠠᠰᠢᠭ ᠣᠯᠵᠠᠪᠤᠷᠢ ᠣᠯᠬᠤ ᠪᠣᠯᠣᠨ᠎ᠠ᠃︶    ᠣᠶᠢᠷ᠎ᠠ ᠶᠢᠨ ᠵᠢᠯ ᠳᠤ᠂ ᠵᠢᠷᠦᠬᠡ ᠪᠠᠯᠭᠠᠰᠤ ᠬᠥᠭᠵᠢᠯᠲᠡ ᠪᠠᠷ ᠭᠤᠣᠯ ᠪᠣᠯᠭᠠᠬᠤ ᠶᠢ ᠪᠠᠷᠢᠮᠲᠠᠯᠠᠵᠤ᠂ ᠨᠠᠮ ᠤᠨ ᠡᠭᠦᠷ ᠢᠶᠠᠷ ᠳᠠᠭᠠᠭᠤᠯᠤᠭᠴᠢ ᠪᠣᠯᠭᠠᠵᠤ᠂ ᠲᠣᠰᠬᠤᠨ ᠤ ᠬᠠᠮᠲᠤ ᠶᠢᠨ ᠠᠵᠤ ᠠᠬᠤᠢ ᠶᠢ  ᠠᠮᠢᠳᠤᠯᠢᠭ ᠢᠶᠠᠷ ᠬᠦᠭᠵᠢᠬᠦᠯᠵᠦ᠂ ︽ᠳᠠᠭᠠᠭᠤᠯᠤᠭᠴᠢ ᠠᠵᠤ ᠠᠬᠤᠶᠢᠯᠠᠯ + ᠨᠠᠮ ᠤᠨ ᠡᠭᠦᠷ + ᠬᠤᠷᠰᠢᠶᠠᠵᠢᠯ + ᠲᠠᠷᠢᠶᠠᠴᠢᠨ ᠡᠷᠦᠬᠡ︾ ᠶᠢᠨ ᠵᠠᠭᠪᠤᠷ ᠢ ᠬᠡᠷᠡᠭᠯᠡᠵᠦ᠂ ᠬᠠᠮᠲᠤ ᠶᠢᠨ ᠠᠵᠤ ᠠᠬᠤᠢ ᠶᠢᠨ ᠬᠤᠷᠰᠢᠶᠠᠵᠢᠯ ᠪᠠᠶᠢᠭᠤᠯᠵᠤ᠂ ᠤᠳᠤ ᠦᠶ᠎ᠡ ᠶᠢᠨ ᠲᠠᠷᠢᠶᠠᠯᠠᠩ ᠤᠨ ᠠᠵᠤ ᠦᠢᠯᠡᠰ ᠤᠨ ᠬᠦᠷᠢᠶᠡᠯᠡᠩ ᠢ ᠪᠦᠲᠦᠭᠡᠨ ᠪᠠᠶᠢᠭᠤᠯᠬᠤ ᠪᠠᠷ ᠳᠠᠮᠵᠢᠨ᠂ ᠤᠯᠠᠭᠠᠨ ᠮᠤᠶᠢᠯ ᠤᠨ ᠲᠠᠷᠢᠮᠠᠯ ᠤᠨ ᠬᠠᠮᠢᠶᠠᠷᠤᠯᠲᠠ ᠶᠢᠨ ᠣᠳᠣᠬᠢᠴᠢᠯᠠᠯᠲᠠ ᠶᠢ ᠠᠬᠢᠭᠤᠯᠵᠤ᠂ ᠳᠠᠷᠢᠶᠠᠴᠢᠨ ᠡᠷᠦᠭᠡ ᠪᠠ ᠡᠵᠡᠩᠨᠡᠯᠲᠡ ᠶᠢᠨ ᠭᠤᠣᠯ ᠴᠣᠭᠴᠠ ᠶᠢᠨ ᠰᠢᠯᠢᠳᠡᠭ ᠭᠠᠷᠤᠯᠲᠠ ᠲᠠᠢ ᠦᠨᠳᠦᠷ ᠦᠨ᠎ᠡ ᠲᠠᠢ ᠪᠠᠶᠢᠬᠤ ᠶᠢ ᠪᠡᠶᠡᠯᠡᠭᠦᠯᠪᠡ᠃ ᠲᠠᠷᠠᠭᠠᠴᠢ ᠶᠢᠨ ᠠᠯᠬᠤᠮ ᠳᠤ᠂ ᠵᠢᠷᠦᠬᠡ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠪᠠᠰᠠ ᠬᠤᠩᠭᠤᠷᠠᠤᠪᠤᠭ᠎ᠠ ᠲᠣᠰᠬᠤᠨ ᠤ ᠲᠤᠰᠬᠠᠢ ᠠᠵᠢᠯ ᠤᠨ ᠬᠤᠷᠰᠢᠶᠠᠵᠢᠯ ᠲᠠᠢ ᠣᠷᠳᠣ ᠬᠤᠭᠤᠴᠠᠭᠠᠨ ᠤ ᠬᠠᠮᠳᠤᠷᠠᠯᠴᠠᠭ᠎ᠠ ᠪᠠᠶᠢᠭᠤᠯᠵᠤ᠂ ᠲᠣᠰᠬᠤᠨ ᠤ ᠬᠠᠮᠲᠤ ᠶᠢᠨ ᠠᠵᠤ ᠠᠬᠤᠢ ᠶᠢ ᠳᠡᠭᠡᠭᠰᠢᠯᠡᠭᠦᠯᠬᠦ ᠶᠢᠨ ᠬᠠᠮᠲᠤ᠂ ᠠᠵᠤ ᠦᠢᠯᠡᠰ ᠤᠨ ᠬᠡᠪᠴᠢᠶ᠎ᠡ ᠪᠠᠨ ᠦᠷᠭᠦᠯᠵᠢᠯᠡᠨ ᠥᠷᠭᠡᠳᠬᠡᠵᠦ᠂ ᠠᠯᠬᠤᠮ ᠠᠯᠬᠤᠮ ᠢᠶᠠᠷ ᠬᠤᠰᠢᠭᠤᠨ ᠤ ᠲᠠᠰ ᠤᠨ ᠤᠯᠠᠭᠠᠨ ᠮᠤᠶᠢᠯ ᠤᠨ ᠵᠤᠯᠵᠠᠭ᠎ᠠ ᠮᠣᠳᠣᠨ ᠤ ᠰᠠᠭᠤᠷᠢᠨ ᠭᠠᠵᠠᠷ ᠪᠤᠯᠭᠠᠬᠤ ᠪᠠᠷ ᠪᠤᠢ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号