ᠨᠤᠮ ᠡᠷᠳᠡᠨᠢ
ᠨᠡᠶᠢᠲᠡᠯᠡᠭᠰᠡᠨ ᠴᠠᠭ᠄
2023/12/27
    ᠬᠠᠷᠠᠭ᠎ᠠ ᠶᠢ ᠲᠡᠯᠡᠨ ᠵᠢᠷᠦᠬᠡ ᠶᠢ ᠤᠮᠳᠠᠯᠠᠵᠤ᠂ ᠦᠭᠡ ᠶᠢᠨ ᠠᠯᠳᠠᠨ ᠮᠦᠷ ᠢᠶᠠᠷ ᠲᠤᠷᠭᠠᠨ ᠮᠡᠳᠡᠷᠡᠮᠵᠢ ᠶᠢ ᠬᠡᠯᠬᠢᠬᠦ ᠨᠤᠮ ᠤᠨ ᠬᠦᠴᠦᠨ ᠳᠤᠷ ᠪᠢᠰᠢᠷᠡᠮᠦ︕    ᠲᠡᠯᠡᠬᠡᠢ ᠶᠢᠨ 28 ᠳᠠᠬᠢ ᠨᠤᠮ ᠤᠩᠰᠢᠬᠤ ᠡᠳᠦᠷ ᠢ ᠲᠤᠬᠢᠶᠠᠯᠳᠤᠭᠤᠯᠤᠨ ᠬᠤᠰᠢᠭᠤ ᠤᠬᠠᠭᠤᠯᠬᠤ ᠬᠡᠯᠳᠡᠰ᠂ ᠬᠤᠰᠢᠭᠤ ᠰᠤᠶᠤᠯ ᠲᠠᠮᠢᠷ ᠷᠠᠳᠢᠤ᠋ ᠵᠢᠭᠤᠯᠴᠢᠯᠠᠯ ᠷᠠᠳᠢᠤ᠋ ᠲᠧᠯᠸᠢᠰ ᠲᠤᠪᠴᠢᠶᠠᠨ ᠠᠴᠠ ᠭᠤᠤᠯᠯᠠᠨ ᠡᠷᠬᠢᠯᠡᠵᠦ᠂ ᠨᠤᠮ  ᠤᠨ ᠰᠠᠩ ᠠᠴᠠ ᠲᠠᠭᠠᠭᠠᠴᠢᠯᠠᠨ ᠡᠷᠬᠢᠯᠡᠭᠰᠡᠨ ︽ᠤᠷᠠᠨ ᠤᠩᠰᠢᠯᠭᠠᠲᠤ ᠬᠢᠯᠢ ᠨᠤᠲᠤᠭ︾ ᠪᠦᠬᠦ ᠠᠷᠠᠳ ᠤᠨ ᠨᠤᠮ ᠤᠩᠰᠢᠯᠭ᠎ᠠ ᠶᠢᠨ ᠠᠵᠢᠯᠯᠠᠭᠠᠨ ᠤ ᠨᠡᠭᠡᠭᠡᠯᠲᠡ ᠵᠢᠴᠢ ︽ᠰᠢᠨ᠎ᠡ ᠡᠷᠡᠨ ᠤ ᠤᠷᠮ᠎ᠠ ᠲᠠᠢ ᠤᠩᠰᠢᠯᠭ᠎ᠠ︾ ᠲᠡᠯᠡᠬᠡᠢ ᠶᠢᠨ ᠨᠤᠮ ᠤᠩᠰᠢᠬᠤ ᠡᠳᠦᠷᠯᠢᠭ ᠤᠨ ᠰᠢᠷᠢᠰ ᠬᠦᠳᠡᠯᠭᠡᠭᠡᠨ ᠤᠩᠰᠢᠭᠴᠢ ᠲᠦᠮᠡᠨ ᠤ ᠤᠷᠤᠯᠴᠠᠯᠭ᠎ᠠ ᠲᠠᠢ ᠬᠦᠭᠵᠢᠶᠡᠨᠲᠡᠢ ᠶᠠᠪᠤᠭᠳᠠᠯ᠎ᠠ᠃    ︽ᠬᠡᠷᠪᠡ ᠮᠢᠨᠦ ᠠᠮᠢᠳᠤᠷᠠᠯ ᠨᠤᠮ ᠪᠠᠶᠢᠭᠰᠠᠨ ᠪᠤᠯ…︾ ᠭᠠᠷᠴᠠᠭᠲᠤ ᠡᠬᠡ ᠪᠢᠴᠢᠭ ᠤᠨ ᠰᠢᠯᠭᠠᠷᠠᠭᠤᠯᠤᠯᠲᠠ᠂ ︽ᠨᠢᠭᠡ ᠨᠤᠮ ᠢ ᠬᠠᠮᠲᠤᠪᠡᠷ ᠤᠩᠰᠢᠬᠤ︾ ᠠᠵᠢᠯᠯᠠᠭᠠᠨ ᠤ ︽ᠪᠢ ᠮᠡᠳᠡᠨ᠎ᠡ︾ ᠨᠤᠮ ᠪᠠ ︽ᠠᠨᠳᠧᠷᠰᠧᠨ ᠤ ᠬᠡᠤᠬᠡᠳ ᠤᠨ ᠦᠯᠢᠭᠡᠷ︾ ᠤᠨ ᠮᠡᠳᠡᠯᠭᠡ ᠶᠢᠨ ᠤᠷᠤᠯᠳᠤᠭᠠᠨ᠂ ᠪᠠᠭᠠᠴᠤᠳ ᠬᠡᠤᠬᠡᠳ ᠤᠨ ᠵᠦᠢᠷ ᠰᠡᠴᠡᠨ ᠦᠭᠡ ᠪᠠ ᠰᠤᠩᠭᠤᠳᠠᠭ ᠰᠢᠯᠦᠭ ᠵᠤᠬᠢᠶᠠᠯ ᠤᠨ ᠤᠷᠠᠨ ᠤᠩᠰᠢᠯᠭ᠎ᠠ ᠶᠢᠨ ᠤᠷᠤᠯᠳᠤᠭᠠᠨ ᠵᠡᠷᠭᠡ ᠤᠯᠠᠨ ᠠᠭᠤᠯᠭ᠎ᠠ ᠬᠡᠯᠪᠡᠷᠢ ᠶᠢᠨ ᠤᠷᠤᠯᠳᠤᠭᠠᠨ ᠲᠡᠮᠡᠴᠡᠭᠡᠨ ᠢ ᠵᠤᠬᠢᠶᠠᠨ ᠪᠠᠶᠢᠭᠤᠯᠵᠤ ᠶᠠᠪᠤᠭᠳᠠᠭᠤᠯᠤᠭᠰᠠᠨ ᠲᠤᠰ ᠤᠳᠠᠭᠠᠨ ᠤ ᠬᠦᠳᠡᠯᠭᠡᠭᠡᠨ ᠨᠢ ᠪᠦᠬᠦ ᠠᠷᠠᠳ ᠤᠨ ᠨᠤᠮ ᠤᠩᠰᠢᠬᠤ ᠤᠷᠮ᠎ᠠ ᠪᠠᠬ᠎ᠠ ᠶᠢ ᠲᠠᠶᠢᠴᠢᠯᠠᠨ ᠬᠦᠭᠵᠢᠭᠡᠵᠦ᠂ ᠨᠤᠮ ᠰᠤᠶᠤᠯ ᠤᠨ ᠠᠭᠤᠷ ᠠᠮᠢᠰᠬᠤᠯ  ᠢ ᠤᠯᠠᠨ᠎ᠠ ᠬᠦᠷᠭᠡᠵᠦ ᠴᠢᠳᠠᠭᠰᠠᠨ ᠠᠵᠢᠯᠯᠠᠭ᠎ᠠ ᠪᠤᠯᠤᠯ᠎ᠠ᠃    ᠬᠤᠨ ᠤ ᠲᠠᠯᠠᠪᠴᠢ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠤ ᠡᠷᠳᠡᠮ ᠡᠪᠦᠷᠳᠦᠯᠡᠭᠡᠳ ᠪᠤᠴᠠᠨ᠎ᠠ ᠭᠡᠳᠡᠭᠴᠢᠯᠡᠨ ᠨᠤᠮ ᠰᠤᠶᠤᠯ ᠤᠨ ᠦᠨᠢᠷ ᠪᠠᠶᠠᠨ ᠢᠶᠠᠷ ᠭᠠᠩᠭᠠᠷᠠᠭᠰᠠᠨ ᠤᠯᠠᠨ ᠰᠠᠶᠢᠬᠠᠨ ᠤᠷᠤᠯᠳᠤᠭᠠᠨ ᠤ ᠳ᠋ᠦᠩ ᠳᠤ ᠮᠡᠳᠡᠯᠭᠡ ᠮᠡᠳᠡᠴᠡ᠂ ᠰᠤᠳᠤᠨ ᠵᠤᠬᠢᠶᠠᠯ᠂ ᠤᠷᠠᠨ ᠤᠩᠰᠢᠯᠭ᠎ᠠ ᠪᠠᠷ ᠢᠶᠠᠨ ᠡᠩᠭᠡᠷ ᠢᠶᠠᠨ ᠮᠢᠯᠢᠶᠠᠯᠭᠠᠨ᠂ ᠬᠦᠬᠢᠭᠦᠯᠦᠭᠳᠡᠨ ᠱᠠᠩᠨᠠᠭᠳᠠᠭᠰᠠᠨ ᠤᠷᠤᠯᠴᠠᠭᠴᠢᠳ ᠲᠠᠭᠠᠨ ᠬᠠᠯᠠᠭᠤᠨ ᠪᠠᠶᠠᠷ ᠬᠦᠷᠭᠡᠶ᠎ᠡ᠃     ᠨᠤᠮ ᠤᠨ ᠴᠠᠭᠠᠨ ᠪᠤᠶᠠᠨ ᠲᠡᠯᠭᠡᠷᠡᠬᠦ ᠪᠤᠯᠳᠤᠭᠠᠢ᠂ ᠨᠤᠮ ᠲᠠᠢ ᠠᠶᠠᠯᠠᠬᠤ ᠲᠠᠨ ᠤ ᠠᠮᠢᠳᠤᠷᠠᠯ ᠤᠯᠠᠮ ᠰᠠᠶᠢᠬᠠᠨ ᠪᠤᠯᠤᠨ᠎ᠠ ᠭᠡᠳᠡᠭ ᠲᠤ ᠢᠳᠡᠭᠡᠭᠡᠷᠡᠢ︕
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号