ᠥᠪᠡᠷ ᠢ ᠪᠠᠨ ᠰᠢᠯᠢᠳᠡᠭ ᠪᠠᠶᠢᠯᠭᠠᠬᠤ ᠡᠷᠳᠡᠮ
ᠨᠡᠶᠢᠲᠡᠯᠡᠭᠰᠡᠨ ᠴᠠᠭ᠄
2023/12/26
        ᠳᠣᠳᠣᠷᠬᠠᠢ ᠬᠠᠷᠠᠯᠲᠠ ᠲᠠᠢ ᠪᠠᠶᠢᠬᠤ᠃ ᠬᠠᠷᠠᠯᠲᠠ ᠳᠣᠳᠣᠷᠬᠠᠢ ᠬᠥᠮᠥᠨ ᠣᠷᠣᠬᠰᠢᠯᠠᠬᠤ ᠵᠠᠮ ᠳᠠᠭᠠᠨ  ᠨᠡᠩ  ᠢᠯᠡᠭᠦᠦ ᠮᠡᠳᠡᠷᠡᠮᠵᠢ ᠲᠠᠢ ᠪᠠᠶᠢᠳᠠᠭ᠃ ᠦᠪᠡᠷᠳᠡᠬᠡᠨ ᠦᠨ᠎ᠡ ᠥᠷᠲᠡᠭ ᠲᠠᠢ ᠮᠥᠷᠲᠡᠭᠡᠨ ᠪᠡᠶᠡᠯᠡᠭᠦᠯᠵᠦ ᠳᠡᠶᠢᠯᠬᠦ ᠬᠠᠷᠠᠯᠲᠠ  ᠳᠣᠬᠳᠠᠭᠠᠵᠦ᠂ ᠪᠣᠳᠠᠲᠠᠢ  ᠠᠵᠢᠯᠯᠠᠭ᠎ᠠ   ᠪᠠᠷ   ᠢᠶᠠᠨ  ᠳᠠᠮᠵᠢᠨ  ᠪᠡᠶᠡᠯᠡᠭᠦᠯᠪᠡᠯ᠂  ᠲᠠᠨ   ᠳᠤ  ᠬᠠᠷᠠᠯᠲᠠ ᠪᠠᠨ  ᠬᠦᠬᠡᠬᠡᠴᠡᠯᠳᠦᠬᠦ  ᠶᠠᠪᠤᠴᠠ   ᠳᠤ ᠠᠪᠴᠢᠷᠠᠭᠰᠠᠨ ᠵᠣᠯ ᠵᠢᠷᠭᠠᠯᠲᠤ ᠪᠥᠭᠡᠳ ᠠᠮᠵᠢᠯᠲᠠ ᠪᠦᠲᠦᠮᠵᠢ  ᠲᠠᠢ ᠮᠡᠳᠡᠷᠡᠮᠵᠢ ᠲᠥᠷᠥᠭᠳᠡᠳᠡᠭ᠃         ᠰᠠᠨᠠᠭ᠎ᠠ ᠰᠡᠳᠬᠢᠯ᠂ ᠠᠭᠠᠰᠢ ᠵᠠᠩ ᠢᠶᠠᠨ ᠲᠣᠬᠢᠷᠠᠭᠤᠯᠵᠤ ᠳᠡᠶᠢᠯᠬᠦ᠃ ᠬᠡᠨ ᠳᠤ ᠴᠦ ᠠᠭᠤᠷ ᠪᠤᠬᠢᠨᠢᠳᠣᠯ   ᠲᠠᠢ  ᠦᠶ᠎ᠡ ᠪᠠᠶᠢᠳᠠᠭ᠃ ᠪᠢᠳᠡᠨ ᠤ ᠬᠢᠬᠦ ᠴᠢᠬᠤᠯᠠᠲᠠᠢ ᠠᠵᠢᠯ ᠪᠣᠯ ᠳᠠᠷᠤᠢ ᠰᠡᠳᠬᠢᠯ ᠰᠠᠨᠠᠭ᠎ᠠ   ᠪᠠᠨ  ᠡᠵᠡᠮᠳᠡᠨ᠂  ᠠᠭᠤᠷ  ᠪᠤᠬᠢᠨᠢᠳᠣᠯ ᠢᠶᠠᠨ ᠳᠠᠷᠣᠵᠦ᠂ ᠤᠷᠮ᠎ᠠ ᠰᠡᠳᠬᠢᠯᠭᠡ ᠪᠠᠨ ᠰᠡᠷᠬᠦᠬᠡᠬᠦ ᠶᠠᠪᠤᠳᠠᠯ ᠪᠣᠯᠣᠨ᠎ᠠ᠃         ᠶᠠᠭᠤᠮ᠎ᠠ ᠰᠤᠷᠬᠤ ᠬᠦᠰᠡᠯ ᠵᠣᠷᠢᠯᠲᠠ ᠲᠠᠢ ᠪᠠᠶᠢᠬᠤ᠃ ᠶᠠᠭᠤᠮ᠎ᠠ ᠰᠤᠷᠬᠤ ᠬᠦᠰᠡᠯ ᠵᠣᠷᠢᠯᠲᠠ ᠲᠠᠢ ᠪᠠᠶᠢᠬᠤ  ᠨᠢ ᠪᠢᠳᠡᠨ ᠢ ᠴᠠᠭ ᠢᠮᠠᠬᠳᠠ ᠰᠣᠷᠣᠯᠴᠠᠭᠤᠯᠵᠦ᠂ ᠠᠮᠢᠳᠣᠷᠠᠯ ᠳᠤ ᠢᠳᠡᠪᠬᠢᠲᠡᠢ ᠪᠠᠶᠢᠯᠭᠠᠵᠦ ᠴᠢᠳᠠᠳᠠᠭ᠃ ᠶᠠᠮᠠᠷ  ᠴᠦ  ᠵᠤᠶᠢᠯ ᠳᠤ  ᠰᠣᠨᠢᠭᠤᠴᠢ ᠰᠡᠳᠬᠢᠯᠭᠡ ᠪᠠᠷ ᠬᠠᠨᠳᠣᠵᠦ᠂ ᠰᠣᠷᠴᠦ ᠠᠪᠬᠤ ᠶᠢ ᠬᠦᠬᠡᠬᠡᠴᠡᠯᠳᠦᠬᠡᠳ ᠪᠠᠶᠢᠪᠠᠯ ᠦᠪᠡᠷ ᠢ   ᠪᠠᠨ  ᠬᠦᠭᠵᠢᠬᠦᠯᠵᠦ  ᠴᠢᠳᠠᠬᠤ ᠶᠢᠨ ᠳᠡᠭᠡᠷ᠎ᠡ ᠠᠮᠢᠳᠣᠷᠠᠯ ᠢᠶᠠᠨ ᠪᠠᠶᠠᠯᠢᠭ ᠪᠠᠶᠢᠯᠭᠠᠵᠦ ᠴᠢᠳᠠᠨ᠎ᠠ᠃        ᠥᠪᠡᠷ ᠤᠨ ᠢᠶᠠᠨ  ᠦᠨ᠎ᠡ  ᠴᠡᠨ᠎ᠡ ᠶᠢ  ᠮᠡᠳᠡᠷᠡᠬᠦ᠃  ᠥᠪᠡᠷ   ᠤᠨ  ᠦᠪᠡᠷᠳᠡᠬᠡᠨ᠂  ᠮᠦᠨ  ᠴᠦ  ᠪᠤᠰᠤᠳ ᠲᠤ ᠦᠨᠡᠨᠴᠢ ᠪᠠᠷ  ᠬᠠᠨᠳᠤᠵᠤ᠂  ᠠᠮᠢᠳᠤᠷᠠᠯ ᠳᠠᠭᠠᠨ  ᠬᠠᠯᠠᠭᠤᠨ  ᠰᠡᠳᠬᠢᠯ ᠲᠠᠢ  ᠪᠠᠶᠢᠵᠦ᠂   ᠲᠡᠭᠦᠰ   ᠰᠠᠶᠢᠬᠠᠨ ᠢ   ᠬᠡᠲᠦᠷᠬᠡᠢ ᠬᠦᠬᠡᠬᠡᠴᠡᠯᠳᠦᠬᠦ  ᠦᠭᠡᠢ᠂  ᠥᠪᠡᠷ ᠤᠨ  ᠪᠡᠶ᠎ᠡ ᠪᠠᠨ  ᠢᠯᠡᠭᠦᠬᠡᠨ   ᠣᠶᠢᠯᠠᠭᠠᠵᠦ   ᠪᠠᠭᠳᠠᠭᠠᠮᠵᠢᠳᠠᠢ   ᠬᠠᠨᠳᠣᠪᠠᠯ᠂   ᠪᠢᠳᠡ ᠥᠪᠡᠷ ᠤᠨ ᠢᠶᠠᠨ ᠦᠨ᠎ᠡ ᠴᠡᠨ᠎ᠡ ᠪᠠᠨ ᠨᠠᠩ ᠠᠮᠠᠷᠬᠠᠨ ᠮᠡᠳᠡᠷᠡᠵᠦ ᠴᠢᠳᠠᠬᠤ ᠪᠤᠯᠤᠨ᠎ᠠ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号