︽ᠭᠡᠷᠡᠯ  ᠭᠡᠭᠡ ᠶᠢᠨ ᠠᠶᠠᠯᠠᠯ︾ ᠠᠵᠢᠯᠯᠠᠭ᠎ᠠ ᠭᠡᠷ ᠤᠨ ᠡᠭᠦᠳᠡᠨ ᠳᠤ ᠨᠢ ᠦᠢᠯᠡᠴᠢᠯᠡᠵᠦ ᠪᠠᠶᠢᠨ᠎ᠠ
ᠨᠡᠶᠢᠲᠡᠯᠡᠭᠰᠡᠨ ᠴᠠᠭ᠄
2023/12/26
  ᠣᠶᠢᠷ᠎ᠠ ᠳᠤ᠂ 2023 ᠣᠨ ᠤ ᠪᠥᠬᠦ ᠣᠷᠣᠨ ᠤ ︽ᠬᠡᠷᠡᠯ ᠭᠡᠭᠡ ᠶᠢᠨ ᠠᠶᠠᠯᠠᠯ︾ ᠨᠡᠶᠢᠭᠡᠮ ᠤᠨ ᠨᠡᠶᠢᠲᠡ ᠶᠢᠨ ᠠᠰᠠᠷᠠᠮᠵᠢ ᠶᠢᠨ ᠠᠵᠢᠯᠯᠠᠭ᠎ᠠ ᠮᠠᠨ ᠤ ᠬᠤᠰᠢᠭᠤᠨ ᠳᠤ ᠶᠠᠪᠤᠭᠳᠠᠨ᠂ ᠨᠢᠳᠦᠨ ᠤ ᠡᠪᠡᠳᠴᠢᠨ ᠲᠠᠢ ᠮᠠᠯᠴᠢᠨ ᠲᠠᠷᠢᠶᠠᠴᠢᠳ ᠲᠤ ︽ᠠᠰᠠᠷᠠᠮᠵᠢ︾ ᠬᠦᠷᠳᠡᠭᠡᠨ ᠬᠡᠷᠡᠯ ᠭᠡᠭᠡ ᠤᠯᠭᠤᠯ᠎ᠠ᠃    ᠴᠡᠷᠢᠨᠳᠤᠷᠵᠢ ᠪᠣᠯ ᠰᠠᠶᠢᠬᠠᠨᠲᠠᠯ᠎ᠠ ᠪᠠᠯᠭᠠᠰᠤᠨ ᠤ ᠪᠠᠷᠠᠭᠤᠨᠪᠤᠯᠠᠭ ᠭᠠᠴᠠᠭᠠᠨ ᠤ ᠮᠠᠯᠴᠢᠨ ᠪᠥᠭᠡᠳ ︽ᠤᠯᠤᠰ ᠤᠨ ᠬᠡᠦᠬᠡᠳ︾ ᠤᠨ ᠨᠢᠭᠡ ᠶᠤᠮ᠃ ᠳᠣᠯᠣᠭᠠᠨ ᠵᠢᠯ ᠤᠨ ᠡᠮᠦᠨ᠎ᠡ ᠪᠠᠷᠠᠭᠤᠨ ᠨᠢᠳᠦ ᠨᠢ ᠬᠠᠷᠠᠭ᠎ᠠ ᠮᠠᠭᠤᠳᠠᠭᠰᠠᠨ ᠴᠦ ᠳᠡᠮᠡᠢ ᠰᠠᠨᠠᠭᠠᠨ ᠳᠤ ᠠᠪᠤᠭᠰᠠᠨ ᠦᠭᠡᠢ ᠠᠴᠠ ᠬᠠᠷᠠᠭ᠎ᠠ ᠨᠢ ᠤᠯᠠᠮ ᠢᠶᠠᠷ ᠮᠠᠭᠤᠳᠠᠨ᠂  ᠬᠤᠯᠠ ᠶᠢᠨ ᠮᠠᠯ ᠤᠨᠤᠭ᠎ᠠ  ᠶᠢ ᠴᠦ ᠢᠯᠭᠠᠵᠤ ᠳᠠᠨᠢᠬᠤ ᠦᠬᠡᠢ ᠪᠤᠯᠵᠤ᠂ ᠬᠡᠪ ᠤᠨ ᠠᠮᠢᠳᠤᠷᠠᠯ ᠢ ᠨᠢ ᠨᠦᠯᠦᠭᠡᠯᠡᠭᠰᠡᠨ ᠢᠶᠠᠷ ᠵᠤᠭᠰᠤᠬᠤ ᠦᠬᠡᠢ᠂ ᠦᠶ᠎ᠡ ᠬᠡᠰᠢᠬᠦᠦ ᠡᠪᠡᠳᠦᠨ ᠬᠦᠯ ᠭᠠᠷ ᠮᠠᠭᠤᠳᠠᠵᠤ᠂ ᠭᠠᠳᠠᠨ᠎ᠠ ᠳᠤᠳᠤᠨ᠎ᠠ ᠪᠠᠷᠤᠭ ᠤᠨ ᠠᠵᠢᠯ ᠳᠤ ᠬᠦᠭᠰᠢᠨ ᠨᠢ ᠭᠠᠭᠴᠠᠭᠠᠷ ᠯᠡ ᠮᠤᠩᠭᠢᠨᠠᠬᠤ ᠪᠤᠯᠵᠠᠢ᠃ ᠮᠠᠯ ᠬᠠᠷ᠎ᠠ ᠪᠠᠨ ᠳᠡᠵᠢᠬᠡᠵᠦ ᠤᠰᠤᠯᠠᠬᠤ ᠳᠡᠮᠵᠢᠭᠡ ᠪᠠᠨ ᠠᠯᠳᠠᠭ᠎ᠠ ᠦᠬᠡᠢ ᠯᠡ ᠪᠤᠯᠬᠤ ᠠᠴᠠ ᠪᠢᠰᠢ᠂ ᠦᠢᠯᠡᠳᠪᠦᠷᠢᠯᠡᠯ ᠠᠮᠢᠳᠤᠷᠠᠯ ᠳᠤ ᠨᠢ ᠪᠠᠭ᠎ᠠ ᠪᠤᠰᠤ ᠬᠦᠴᠢᠷᠳᠡᠯ ᠳᠤᠯᠭᠠᠷᠠᠵᠤ ᠪᠠᠶᠢᠭᠰᠠᠨ ᠴᠡᠷᠢᠨᠳᠤᠷᠵᠢ  ᠭᠠᠴᠠᠭᠠᠨ ᠤ ᠸᠢᠴᠠᠲ ᠬᠤᠯᠪᠤᠭᠠᠨ ᠠᠴᠠ  ᠴᠠᠭᠠᠨ ᠬᠠᠷᠠᠩ ᠤᠨ ᠰᠢᠭᠰᠢᠨ ᠪᠠᠶᠢᠴᠠᠭᠠᠯᠳᠠ ᠬᠢᠬᠦ ᠳᠤᠬᠠᠢ ᠮᠡᠳᠡᠭᠡ ᠳᠤᠭᠤᠯᠤᠭᠠᠳ᠂ ᠭᠡᠷ ᠤᠨ ᠬᠢᠨ ᠲᠠᠢ ᠪᠠᠨ ᠬᠠᠮᠳᠤ ᠬᠤᠰᠢᠭᠤ ᠠᠷᠠᠳ ᠤᠨ ᠡᠮᠨᠡᠯᠭᠡ ᠶᠢᠨ ᠬᠤᠷᠢᠶᠠᠨ ᠳᠤ ᠢᠷᠡᠵᠦ ᠪᠠᠶᠢᠴᠠᠭᠠᠯᠲᠠ ᠬᠢᠯᠬᠡᠨ ᠴᠠᠭᠠᠨ ᠬᠠᠷᠠᠩ ᠡᠪᠡᠳᠴᠢᠨ ᠲᠠᠢ ᠪᠣᠯᠤᠭᠰᠠᠨ ᠢᠶᠠᠨ ᠳᠤᠳᠤᠯᠠᠭᠤᠯᠤᠭᠠᠳ᠂ ᠬᠠᠮᠢᠭ᠎ᠠ ᠣᠴᠢᠵᠤ ᠶᠠᠭᠠᠬᠢᠵᠦ ᠡᠮᠨᠡᠭᠦᠯᠬᠦ ᠪᠢᠯᠡ ᠬᠡᠮᠡᠨ ᠰᠠᠨᠠᠭ᠎ᠠ ᠪᠤᠯᠵᠤ ᠪᠠᠶᠢᠭᠰᠠᠨ ᠳᠤ ︽ᠬᠡᠷᠡᠯ ᠭᠡᠭᠡ ᠶᠢᠨ ᠠᠶᠠᠯᠠᠯ︾ ᠠᠵᠢᠯᠯᠠᠭ᠎ᠠ ᠰᠠᠶᠢᠨ ᠴᠢᠮᠡᠭᠡ ᠳᠤᠭᠤᠯᠭᠠᠨ᠂ ᠬᠤᠰᠢᠭᠤᠨ ᠠᠴᠠ ᠪᠠᠨ ᠭᠠᠷᠬᠤ ᠦᠬᠡᠢ  ᠪᠠᠷ ᠬᠠᠷᠠᠭ᠎ᠠ ᠰᠡᠷᠭᠦᠭᠦ ᠪᠤᠯᠤᠮᠵᠢ ᠤᠯᠭᠤᠭᠰᠠᠨ ᠨᠢ ᠳᠡᠬᠦᠨ ᠤ ᠰᠡᠳᠬᠢᠯ ᠳᠤ ᠬᠡᠮᠵᠢᠶᠡᠯᠡᠰᠢ ᠦᠬᠡᠢ ᠪᠠᠶᠠᠷᠳᠤ ᠶᠠᠪᠤᠳᠠᠯ ᠪᠤᠯᠤᠯ᠎ᠠ᠃     ᠴᠡᠷᠢᠨᠳᠤᠷᠵᠢ ︵ᠮᠡᠰᠡ ᠵᠠᠰᠠᠯ ᠬᠢᠵᠦ ᠪᠠᠷᠠᠭᠰᠠᠨ ᠤ ᠳᠠᠷᠠᠭ᠎ᠠ ᠬᠠᠷᠠᠭ᠎ᠠ ᠰᠡᠷᠭᠦᠨ᠎ᠡ ᠭᠡᠵᠦ ᠰᠣᠨᠣᠰᠴᠠᠢ᠃ ᠪᠢ ᠪᠠᠶᠢᠴᠠᠭᠠᠯᠭᠠᠭᠠᠳ ᠮᠡᠰᠡ ᠵᠠᠰᠠᠯ ᠬᠢᠬᠦ ᠪᠠᠷ ᠰᠢᠢᠳᠴᠡᠢ᠃ ᠪᠢ ᠬᠠᠷᠠᠬᠠᠨ ᠪᠠᠭ᠎ᠠ ᠠᠴᠠ ᠪᠠᠨ ᠨᠠᠮ ᠤᠨ ᠬᠠᠶᠢᠷ᠎ᠠ ᠬᠠᠯᠠᠮᠵᠢ ᠶᠢ ᠬᠦᠷᠲᠡᠨ ᠥᠰᠴᠦ ᠥᠭᠡᠯᠡᠢ ᠪᠣᠯᠤᠭᠰᠠᠨ᠂ ᠡᠮᠦᠨᠡᠲᠦ ᠣᠷᠣᠨ ᠠᠴᠠ ᠬᠤᠶᠠᠷ ᠭᠤᠷᠪᠠᠨ ᠨᠠᠰᠤᠲᠠᠢ ᠳᠠᠭᠠᠨ ᠲᠠᠯ᠎ᠠ ᠨᠤᠲᠤᠭ ᠲᠤ ᠢᠷᠡᠵᠦ᠂ ᠮᠣᠩᠭᠤᠯ ᠡᠵᠢ ᠶᠢᠨ ᠭᠠᠷ ᠲᠤ ᠥᠰᠴᠦ ᠦᠨᠳᠡᠶᠢᠭᠰᠡᠨ᠂ ᠤᠳᠤ ᠮᠢᠨᠤ ᠬᠠᠷᠠᠭ᠎ᠠ ᠮᠠᠭᠤᠳᠠᠵᠤ ᠳᠤᠳᠤ ᠬᠠᠷᠠᠬᠤ ᠪᠠᠨ ᠪᠤᠯᠢᠭᠰᠠᠨ᠃ ᠨᠠᠮᠠᠶᠢ ᠦᠳᠡᠯᠦᠭᠰᠡᠨ ᠦᠶ᠎ᠡ ᠳᠤ ᠨᠠᠮ ᠵᠠᠰᠠᠭ ᠠᠴᠠ ᠪᠠᠰᠠ ᠢᠩᠭᠢᠵᠦ ᠬᠠᠯᠠᠮᠵᠢᠯᠠᠵᠤ ᠪᠠᠶᠢᠬᠤ ᠳᠤ ᠨᠠᠮ ᠳᠠᠭᠠᠨ ᠬᠡᠵᠢᠶᠡᠳᠡ ᠲᠠᠯᠠᠷᠬᠠᠨ᠎ᠠ᠂ ᠨᠢᠳᠦ ᠰᠠᠶᠢᠵᠢᠷᠠᠭᠰᠠᠨ ᠤ ᠲᠠᠷᠠᠭ᠎ᠠ ᠨᠤᠲᠤᠭ ᠤᠨ ᠢᠶᠠᠨ ᠦᠵᠡᠮᠵᠢ ᠶᠢ ᠰᠠᠶᠢᠬᠠᠨ  ᠬᠠᠷᠠᠵᠤ᠂ ᠨᠣᠮ ᠦᠵᠡᠨ᠎ᠡ᠃ ᠡᠨᠡ ᠪᠣᠯ ᠮᠢᠨᠤ ᠠᠵᠠ ᠵᠠᠪᠰᠢᠶᠠᠨ ᠭᠡᠵᠦ ᠪᠢ ᠪᠤᠳᠤᠵᠤ ᠪᠠᠶᠢᠨ᠎ᠠ︶    84 ᠨᠠᠰᠤᠲᠠᠢ ᠲᠢᠶᠠᠨ ᠹᠦ᠋ ᠱᠠᠨ᠂ ᠨᠢᠳᠦᠨ ᠤ ᠡᠪᠡᠳᠴᠢᠨ ᠳᠤ ᠨᠡᠷᠪᠡᠭᠳᠡᠵᠦ᠂ ᠮᠡᠰᠡ ᠵᠠᠰᠠᠯ ᠤᠨ ᠵᠠᠷᠤᠳᠠᠯ ᠴᠤᠭᠯᠠᠭᠤᠯᠬᠤ ᠶᠢᠨ ᠲᠥᠯᠥᠭᠡ ᠵᠤᠪᠠᠵᠤ ᠪᠠᠶᠢᠭᠰᠠᠨ ᠲᠡᠷᠡ 2021 ᠤᠨ ᠳᠤ᠂ ᠪᠦᠬᠦ ᠣᠷᠣᠨ ᠤ ︽ᠭᠡᠷᠡᠯ ᠭᠡᠭᠡ ᠶᠢᠨ ᠠᠶᠠᠯᠠᠯ︾ ᠨᠡᠶᠢᠲᠡ ᠶᠢᠨ ᠠᠰᠠᠷᠠᠮᠵᠢ ᠶᠢᠨ ᠠᠵᠢᠯᠯᠠᠭ᠎ᠠ ᠶᠢᠨ ᠠᠰᠢᠭ ᠢ ᠬᠦᠷᠳᠡᠨ᠂ ᠵᠡᠭᠦᠨ ᠨᠢᠳᠦᠨ ᠳᠤ  ᠪᠠᠨ ᠴᠠᠭᠠᠨ ᠬᠠᠷᠠᠩ ᠤᠨ ᠮᠡᠰᠡ ᠵᠠᠰᠠᠯ ᠬᠢᠯᠬᠡᠵᠡᠢ᠃ ᠡᠨᠡ ᠤᠳᠠᠭ᠎ᠠ ︽ᠭᠡᠷᠡᠯ ᠭᠡᠭᠡ ᠶᠢᠨ ᠠᠶᠠᠯᠠᠯ︾ ᠠᠵᠢᠯᠯᠠᠭ᠎ᠠ ᠳᠠᠬᠢᠨᠲᠠ ︽ᠭᠡᠷ ᠤᠨ ᠡᠭᠦᠳᠡᠨ︾ ᠳᠤ ᠬᠦᠷᠴᠦ ᠢᠷᠡᠭᠰᠡᠨ ᠳᠤ᠂ ᠲᠡᠷᠡ ᠳᠠᠷᠤᠢ ᠲᠦᠷᠭᠡᠨ ᠢᠷᠡᠵᠦ ᠳᠠᠬᠢᠨ ᠪᠠᠶᠢᠴᠠᠭᠠᠯᠭᠠᠭᠰᠠᠨ ᠤ ᠬᠠᠮᠳᠤ ᠪᠠᠷᠠᠭᠤᠨ ᠨᠢᠳᠦᠨ ᠳᠤ ᠪᠠᠨ ᠮᠡᠰᠡ ᠵᠠᠰᠠᠯ  ᠬᠢᠯᠭᠡᠭᠰᠡᠨ ᠪᠠᠶᠢᠨ᠎ᠠ᠃    ᠰᠠᠶᠢᠬᠠᠨᠲᠠᠯ᠎ᠠ ᠪᠠᠯᠭᠠᠰᠤᠨ ᠤ ᠰᠠᠭᠤᠭᠠᠯᠢ ᠠᠷᠠᠳ ᠲᠢᠶᠠᠨ ᠹᠦ᠋ ᠱᠠᠨ  ︵ᠮᠡᠰᠡ ᠵᠠᠰᠠᠯ ᠤᠨ ᠳᠠᠷᠠᠭ᠎ᠠ ᠨᠢᠳᠦ ᠮᠠᠰᠢ ᠰᠠᠶᠢᠨ ᠪᠤᠯᠵᠠᠢ᠂ ᠥᠩᠭᠡᠷᠡᠭᠰᠡᠨ ᠳᠤ ᠭᠤᠷᠪᠠᠨ ᠬᠦᠷᠳᠦᠲᠦ ᠲᠡᠷᠭᠡ ᠤᠨᠤᠭᠠᠳ ᠲᠡᠭᠷᠢ ᠬᠠᠷᠠᠩᠭᠤᠢ ᠪᠤᠯᠪᠠᠯ ᠤᠨᠤᠵᠤ ᠴᠢᠳᠠᠬᠤ ᠦᠭᠡᠢ ᠪᠠᠶᠢᠵᠠᠢ᠃  ᠳᠡᠭᠡᠭᠡᠳ ᠰᠤᠷᠠᠭᠯᠠᠭᠰᠠᠨ ᠴᠢᠨᠢ ᠮᠡᠰᠡ ᠵᠠᠰᠠᠯ ᠬᠢᠬᠦ ᠳᠤ 4000 ᠭᠠᠷᠤᠢ ᠲᠥᠭᠦᠷᠢᠭ ᠤᠷᠤᠳᠠᠭ ᠭᠡᠨ᠎ᠡ᠂ ᠰᠠᠷ᠎ᠠ ᠶᠢᠨ 1000 ᠭᠠᠷᠤᠢ ᠲᠥᠭᠦᠷᠢᠭ ᠤᠨ ᠴᠠᠯᠢᠩ ᠢᠶᠠᠷ ᠳᠥᠷᠪᠡ ᠲᠠᠪᠤᠨ ᠰᠠᠷ᠎ᠠ ᠶᠢᠨ ᠴᠠᠯᠢᠩ ᠤᠷᠤᠨ᠎ᠠ᠂ ᠠᠮᠢᠳᠤᠷᠠᠬᠤ ᠶᠢᠨ ᠠᠷᠭ᠎ᠠ ᠦᠭᠡᠢ ᠪᠤᠯᠤᠨ᠎ᠠ ᠭᠡᠳ ᠬᠢᠬᠦ ᠪᠠᠨ ᠪᠣᠯᠢᠵᠠᠢ᠃ ᠡᠨᠡ ᠮᠡᠰᠡ ᠵᠠᠰᠠᠯ ᠢ ᠬᠢᠯᠬᠡᠬᠡᠳ ᠭᠤᠷᠪᠠᠨ ᠬᠦᠷᠳᠦ ᠣᠨᠣᠭᠰᠠᠨ ᠴᠤ ᠤᠯᠵᠤ ᠬᠠᠷᠠᠳᠠᠭ ᠪᠤᠯᠵᠠᠢ᠂ ᠮᠡᠰᠡ ᠵᠠᠰᠠᠯ ᠬᠢᠵᠦ ᠪᠠᠷᠠᠭᠠᠳ ᠤᠷᠤᠢ ᠳ᠋ᠧᠩ ᠤᠨ ᠳᠤᠤᠷ᠎ᠠ ᠠᠰᠠᠷ ᠤᠨ ᠱᠠᠲᠤᠨ ᠠᠴᠠ ᠪᠠᠭᠤᠬᠤ ᠳᠤ ᠴᠦ ᠠᠰᠠᠭᠤᠳᠠᠯ ᠦᠬᠡᠢ ᠪᠤᠯᠵᠠᠢ᠃ ᠤᠳᠤ ᠬᠤᠶᠠᠷ ᠨᠢᠳᠦᠨ ᠳᠤ ᠪᠠᠨ ᠪᠦᠷ ᠬᠢᠯᠬᠡᠴᠢᠬᠡᠯ᠎ᠡ᠂ ᠨᠡᠩ ᠰᠠᠶᠢᠨ ᠪᠤᠯᠤᠯ᠎ᠠ᠃ ᠪᠢ ᠨᠠᠮ ᠤᠨ ᠰᠠᠶᠢᠨ ᠲᠦᠷᠦ ᠶᠢᠨ ᠪᠣᠳᠣᠯᠭ᠎ᠠ ᠶᠢ ᠬᠦᠷᠳᠡᠭᠡᠳ ᠨᠠᠮ ᠳᠤ ᠪᠠᠨ ᠲᠠᠯᠠᠷᠬᠠᠵᠤ ᠪᠠᠶᠢᠨ᠎ᠠ᠂ ᠡᠯ᠎ᠡ ᠱᠠᠲᠤᠨ ᠤ ᠵᠠᠰᠠᠭ ᠤᠨ ᠣᠷᠳᠣᠨ ᠳᠤ ᠲᠠᠯᠠᠷᠬᠠᠵᠤ ᠪᠠᠶᠢᠨ᠎ᠠ᠂ ᠤᠯᠠᠭᠠᠨ ᠵᠠᠭᠠᠯᠮᠠᠶᠢᠳᠠᠨ ᠤ ᠨᠡᠶᠢᠭᠡᠮᠯᠢᠭ ᠲᠤ ᠲᠠᠯᠠᠷᠬᠠᠵᠤ ᠪᠠᠶᠢᠨ᠎ᠠ᠂ ᠡᠯ᠎ᠡ ᠱᠠᠲᠤᠨ ᠤ ᠤᠳᠤᠷᠢᠳᠤᠯᠭ᠎ᠠ ᠶᠢᠨ ᠨᠠᠮᠠᠶᠢ ᠬᠠᠯᠠᠮᠵᠢᠯᠠᠭᠰᠠᠨ ᠳᠤ ᠲᠠᠯᠠᠷᠬᠠᠵᠤ ᠪᠠᠶᠢᠨ᠎ᠠ᠃︶    ᠰᠢᠭᠰᠢᠨ ᠪᠠᠶᠢᠴᠠᠭᠠᠬᠤ ᠶᠠᠪᠤᠴᠠ ᠳᠤ᠂ ᠡᠮᠴᠢ ᠰᠤᠪᠢᠯᠠᠭᠴᠢᠳ ᠡᠪᠡᠳᠴᠢᠳᠡᠨ ᠤ ᠬᠠᠷᠠᠭ᠎ᠠ ᠶᠢ ᠰᠢᠯᠭᠠᠵᠤ᠂ ᠡᠪᠡᠳᠴᠢᠨ ᠤ ᠪᠠᠶᠢᠳᠠᠯ ᠢ ᠬᠦᠯᠢᠴᠡᠩᠭᠦᠢ ᠪᠠᠷ ᠠᠰᠠᠭᠤᠬᠤ ᠶᠢᠨ ᠬᠠᠮᠲᠤ ᠴᠠᠭᠠᠨ ᠬᠠᠷᠠᠩ ᠡᠪᠡᠳᠴᠢᠨ ᠡᠭᠦᠰᠳᠡᠭ ᠰᠢᠯᠲᠠᠭᠠᠨ ᠢ ᠨᠠᠷᠢᠨ ᠲᠠᠶᠢᠯᠪᠤᠷᠢᠯᠠᠵᠤ᠂ ᠴᠠᠭᠠᠨ ᠬᠠᠷᠠᠩ ᠤᠨ ᠲᠥᠷᠥᠯ ᠵᠦᠢᠯ ᠵᠢᠴᠢ ᠴᠠᠭᠠᠨ ᠬᠠᠷᠠᠩ ᠢ ᠬᠡᠷᠬᠢᠨ ᠲᠤᠶᠢᠯᠪᠤᠷᠢᠲᠠᠢ ᠵᠠᠰᠠᠬᠤ ᠲᠤᠬᠠᠢ ᠲᠠᠨᠢᠯᠴᠠᠭᠤᠯᠵᠤ᠂ ᠴᠠᠭᠠᠨ ᠬᠠᠷᠠᠩ ᠤᠨ ᠮᠡᠰᠡ ᠵᠠᠰᠠᠯ ᠬᠢᠯᠬᠡᠬᠦ ᠳᠤ ᠲᠣᠬᠢᠷᠠᠬᠤ ᠡᠪᠡᠳᠴᠢᠲᠡᠨ ᠳᠤ ᠨᠠᠷᠢᠨ ᠲᠣᠳᠣᠷᠬᠠᠢ ᠳᠠᠩᠰᠠᠯᠠᠯᠲᠠ ᠬᠢᠵᠦ᠂ ᠮᠡᠰᠡ ᠵᠠᠰᠠᠯ ᠬᠢᠬᠦ ᠠᠴᠠ ᠡᠮᠦᠨᠡᠬᠢ ᠠᠩᠬᠠᠷᠬᠤ ᠵᠦᠢᠯᠡᠰ ᠢ ᠰᠠᠨᠠᠭᠤᠯᠤᠨ᠂ ᠨᠠᠷᠢᠨ ᠨᠢᠮᠪᠠᠢ᠂ ᠳᠤᠳᠤᠨᠤ᠂ ᠬᠦᠯᠢᠴᠡᠩᠭᠦᠢ  ᠦᠢᠯᠡᠴᠢᠯᠡᠭᠡ ᠪᠠᠷ ᠮᠠᠯᠴᠢᠨ ᠲᠦᠮᠡᠨ ᠳᠤ ᠲᠦᠬᠦᠮ ᠦᠵᠡᠬᠦᠯᠦᠯ᠎ᠡ᠃    ᠥᠪᠡᠷᠲᠡᠭᠡᠨ ᠵᠠᠰᠠᠬᠤ ᠣᠷᠣᠨ ᠤ ︽ᠬᠡᠷᠡᠯ ᠭᠡᠭᠡ ᠶᠢᠨ ᠠᠶᠠᠯᠠᠯ︾ ᠨᠡᠶᠢᠭᠡᠮ ᠤᠨ ᠨᠡᠶᠢᠲᠡ ᠶᠢᠨ ᠠᠰᠠᠷᠠᠮᠵᠢ ᠶᠢᠨ ᠠᠵᠢᠯᠯᠠᠭ᠎ᠠ ᠶᠢ ᠭᠦᠨᠵᠡᠭᠡᠢ ᠬᠡᠷᠡᠭᠵᠢᠭᠦᠯᠦᠭᠰᠡᠨ ᠨᠢ ᠡᠪᠡᠳᠴᠢᠲᠡᠨ ᠳᠤ ᠨᠢᠳᠦᠨ ᠤ ᠡᠪᠡᠳᠴᠢᠨ ᠤ ᠡᠮᠴᠢᠯᠡᠭᠡ ᠬᠦᠷᠭᠡᠭᠰᠡᠨ ᠤ ᠬᠠᠮᠲᠤ᠂ ᠰᠢᠯᠢᠳᠡᠭ ᠡᠮᠴᠢᠯᠡᠭᠡᠨ ᠤ ᠡᠬᠢ ᠪᠠᠶᠠᠯᠢᠭ ᠤᠨ ᠰᠠᠶᠢᠨ ᠰᠠᠶᠢᠬᠠᠨ ᠢ ᠮᠡᠳᠡᠷᠡᠭᠦᠯᠦᠨ᠂ ᠮᠠᠯᠴᠢᠨ ᠲᠦᠮᠡᠨ ᠳᠤ ᠭᠡᠷᠡᠯ ᠭᠡᠭᠡ ᠤᠯᠭᠤᠭᠰᠠᠨ ᠢᠶᠠᠷ ᠪᠠᠷᠠᠬᠤ ᠦᠬᠡᠢ ᠬᠦᠰᠡᠯ ᠡᠷᠡᠮᠡᠯᠵᠡᠯ ᠤᠯᠭᠤᠭᠰᠠᠨ ᠪᠠᠶᠢᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号