| ᠳᠡᠯᠭᠡᠷ ᠴᠢᠭᠯᠡᠯ | ᠣᠶᠢᠷ᠎ᠠ ᠶᠢᠨ ᠬᠤᠭᠤᠴᠠᠭᠠᠨ ᠳᠤ᠂ ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ ᠤᠯᠠᠭᠠᠨᠮᠥ᠋ᠴᠢᠷ | ᠬᠤᠰᠢᠭᠤ ᠤᠯᠠᠭᠠᠨᠮᠦ᠋ᠴᠢᠷ ᠲᠤ ᠬᠦᠨᠵᠡᠭᠡᠶᠢᠷᠡᠨ᠂ ᠬᠤᠰᠢᠭᠤ ᠤᠯᠠᠭᠠᠨᠮᠥ᠋ᠴᠢᠷ ᠤᠨ ᠲᠤᠭᠯᠠᠭᠴᠢᠳ ᠲᠠᠢ | ᠬᠠᠮᠵᠢᠯᠴᠠᠭ᠎ᠠ ᠰᠤᠯᠢᠯᠴᠠᠭ᠎ᠠ ᠪᠠᠨ ᠠᠬᠢᠭᠤᠯᠤᠨ᠂ ᠬᠠᠮᠳᠤᠪᠡᠷ 2023 ︱ 2024 ᠣᠨ ᠤ ︽ᠵᠠᠭᠤᠨ ᠪᠦᠯᠬᠦᠮ | ᠮᠢᠩᠭᠠᠨ ᠳᠠᠯᠠᠪᠤᠷ︾ ᠦᠨᠳᠦᠰᠦᠨ ᠱᠠᠲᠤᠨ ᠳᠤ ᠪᠠᠭᠤᠵᠤ ᠲᠣᠭᠯᠠᠯᠲᠠ ᠭᠠᠷᠭᠠᠬᠤ ᠦᠢᠯᠡᠴᠢᠯᠡᠭᠡᠨ ᠤ ᠠᠵᠢᠯᠯᠠᠭ᠎ᠠ | ᠥᠷᠨᠢᠭᠦᠯᠪᠡ᠃ ᠲᠦᠷᠦᠭᠦᠭᠡᠨ᠂ ᠬᠤᠶᠠᠷ ᠤᠯᠠᠭᠠᠨᠮᠦ᠋ᠴᠢᠷ ᠤᠨ ᠬᠠᠮᠳᠤᠷᠠᠭᠰᠠᠨ ᠳᠤᠭᠯᠠᠯᠳᠠ ᠵᠢᠷᠭᠠᠯᠠᠩ | ᠨᠠᠰᠤᠳᠠᠶᠢᠴᠤᠳ ᠤᠨ ᠶᠡᠷᠦᠩᠭᠡᠶᠢᠯᠡᠭᠰᠡᠨ ᠠᠰᠠᠷᠠᠮᠵᠢ ᠶᠢᠨ ᠬᠦᠷᠢᠶᠡᠯᠡᠩ ᠤᠨ ᠪᠤᠭᠤᠷᠤᠯᠴᠤᠳ ᠢ ᠪᠠᠶᠠᠰᠬᠠᠯ᠎ᠠ᠃ | ᠵᠢᠷᠭᠠᠯᠠᠩ ᠨᠠᠰᠤᠳᠠᠶᠢᠴᠤᠳ ᠤᠨ ᠶᠡᠷᠦᠩᠭᠡᠶᠢᠯᠡᠭᠰᠡᠨ ᠠᠰᠠᠷᠠᠮᠵᠢ ᠶᠢᠨ ᠬᠦᠷᠢᠶᠡᠯᠡᠩ ᠳᠤ᠂ ᠬᠦᠷ ᠪᠠᠶᠠᠷ ᠢᠶᠠᠷ | ᠲᠦᠭᠦᠷᠡᠩ᠂ ᠬᠠᠯᠠᠭᠤᠨ ᠳᠤᠯᠠᠭᠠᠨ ᠠᠭᠤᠷ ᠠᠮᠢᠰᠬᠤᠯ ᠢᠶᠠᠷ ᠪᠢᠯᠬᠠᠨ᠂ ᠦᠷᠭᠡᠨ ᠤᠯᠠᠨ ᠪᠤᠭᠤᠷᠤᠯᠴᠤᠳ ᠲᠤ | ᠲᠦᠷᠦ ᠶᠢᠨ ᠪᠤᠳᠤᠯᠭ᠎ᠠ ᠶᠢ ᠳᠠᠮᠵᠢᠭᠤᠯᠤᠨ᠂ ᠪᠠᠶᠠᠷ ᠪᠠᠶᠠᠰᠤᠯ ᠪᠠ ᠪᠤᠯᠪᠠᠰᠤᠨ ᠢ ᠬᠦᠷᠭᠡᠵᠦ᠂ ᠤᠷᠳᠤ ᠶᠢᠨ | ᠳᠠᠭᠤᠨ ᠤ ᠰᠢᠷᠤᠩᠬᠠᠢ᠂ ᠤᠷᠠᠨ ᠪᠦᠵᠢᠭ ᠤᠨ ᠬᠦᠳᠡᠯᠦᠯ᠂ ᠬᠤᠭᠤᠷ ᠬᠦᠭᠵᠢᠮ ᠤᠨ ᠠᠶᠠᠯᠭᠤ ᠡᠭᠡᠰᠢᠭ ᠢᠶᠠᠷ | ᠨᠠᠰᠤᠳᠠᠶᠢᠴᠤᠳ ᠤᠨ ᠪᠠᠶᠠᠷ ᠤᠨ ᠮᠠᠩᠨᠠᠢ ᠶᠢ ᠳᠡᠨᠡᠶᠢᠯᠬᠡᠨ᠂ ᠨᠡᠶᠢᠬᠡᠮ ᠨᠡᠶᠢᠳᠡ ᠶᠢᠨ ᠬᠠᠯᠠᠭᠤᠨ ᠳᠤᠯᠠᠭᠠᠨ ᠢ | ᠮᠡᠳᠡᠷᠡᠭᠦᠯᠦᠯ᠎ᠡ᠃ | ᠰᠤᠷᠪᠤᠯᠵᠢᠯᠠᠭ᠎ᠠ᠄ ᠵᠠᠩ ᠢᠦᠢ ᡁᠢ ᠨᠠᠰᠤᠳᠠᠨ ︵ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ | ᠤᠯᠠᠭᠠᠨᠮᠥ᠋ᠴᠢᠷ ᠪᠣᠯᠣᠨ ᠬᠤᠰᠢᠭᠤ ᠤᠯᠠᠭᠠᠨᠮᠥ᠋ᠴᠢᠷ ᠲᠤ ᠲᠠᠯᠠᠷᠬᠠᠵᠤ ᠪᠠᠶᠢᠨ᠎ᠠ᠂ ᠮᠠᠨ ᠤ ᠨᠠᠰᠤᠲᠠᠨ ᠢ ᠠᠰᠠᠷᠠᠬᠤ | ᠬᠦᠷᠢᠶᠡᠯᠡᠩ ᠳᠤ ᠲᠣᠭᠯᠠᠯᠲᠠ ᠭᠠᠷᠭᠠᠭᠰᠠᠨ ᠳᠤ ᠪᠢᠳᠡ ᠲᠤᠶᠢᠯ ᠢᠶᠠᠷ ᠪᠠᠶᠠᠷᠯᠠᠵᠤ ᠪᠠᠶᠢᠨ᠎ᠠ᠃ ᠲᠤᠩ ᠰᠠᠶᠢᠨ | ᠳᠤᠭᠯᠠᠵᠤ ᠪᠠᠶᠢᠨ᠎ᠠ᠂ ᠠᠭᠤᠯᠭ᠎ᠠ ᠨᠢ ᠴᠦ ᠪᠠᠶᠠᠯᠢᠭ᠂ ᠲᠠ ᠨᠠᠷ ᠵᠦᠳᠡᠷᠡᠯ᠎ᠡ︶ | 1957 ᠣᠨ ᠳᠤ ᠤᠤᠭᠠᠨ ᠤᠯᠠᠭᠠᠨᠮᠥ᠋ᠴᠢᠷ ᠪᠠᠶᠢᠭᠤᠯᠤᠭᠳᠠᠭᠰᠠᠨ ᠠᠴᠠ ᠤᠳᠤ ᠪᠣᠯᠲᠠᠯ᠎ᠠ᠂ ᠬᠡᠳᠦᠨ ᠦᠶ᠎ᠡ | ᠶᠢᠨ ᠲᠤᠭᠯᠠᠭᠴᠢᠳ ᠢᠮᠠᠭᠲᠠ ︽ᠥᠷᠭᠡᠨ ᠤᠯᠠᠨ ᠮᠠᠯᠴᠢᠨ ᠲᠠᠷᠢᠶᠠᠴᠢᠨ ᠳᠤ ᠪᠠᠶᠠᠷ ᠪᠠᠶᠠᠰᠤᠯ ᠪᠠ ᠪᠣᠯᠪᠠᠰᠤᠨ ᠢ | ᠬᠦᠷᠭᠡᠬᠦ᠂ ᠨᠠᠮ ᠤᠨ ᠲᠠᠭᠤᠨ ᠪᠠ ᠬᠠᠶᠢᠷ᠎ᠠ ᠬᠠᠯᠠᠮᠵᠢ ᠶᠢ ᠳᠠᠮᠵᠢᠭᠤᠯᠬᠤ︾ ᠪᠠᠷ ᠡᠭᠦᠷᠭᠡ ᠪᠠᠨ ᠪᠣᠯᠭᠠᠵᠤ᠂ ᠤᠳᠬ᠎ᠠ | ᠤᠷᠠᠯᠢᠭ ᠤᠨ ᠰᠤᠳᠤᠨ ᠪᠦᠲᠦᠭᠡᠯ ᠂ ᠨᠠᠮ ᠤᠨ ᠤᠨᠤᠯ ᠱᠤᠭᠤᠮ ᠴᠢᠭᠯᠡᠯᠲᠡ ᠲᠦᠷᠦ ᠶᠢᠨ ᠪᠣᠳᠣᠯᠭ᠎ᠠ ᠶᠢᠨ | ᠤᠬᠠᠭᠤᠯᠭ᠎ᠠ ᠶᠢ ᠦᠨᠳᠦᠰᠦᠨ ᠱᠠᠳᠤᠨ ᠳᠤ ᠬᠦᠷᠭᠡᠵᠦ᠂ ᠤᠯᠠᠨ ᠲᠦᠮᠡᠨ ᠳᠤ ᠦᠢᠯᠡᠴᠢᠯᠡᠬᠦ ᠤᠯᠠᠮᠵᠢᠯᠠᠯ ᠢᠶᠠᠨ | ᠪᠠᠷᠢᠮᠳᠠᠯᠠᠨ᠂ ᠰᠢᠨ᠎ᠡ ᠴᠠᠭ ᠦᠶ᠎ᠡ ᠶᠢᠨ ᠰᠢᠨ᠎ᠡ ᠠᠶᠠᠨ ᠳᠤ᠂ ᠤᠯᠠᠭᠠᠨᠮᠥ᠋ᠴᠢᠷ ᠤᠨ ᠲᠤᠭᠯᠠᠭᠴᠢᠳ ᠰᠢᠨ᠎ᠡ ᠡᠭᠦᠷᠭᠡ | ᠬᠠᠷᠢᠭᠤᠴᠠᠯᠭ᠎ᠠ ᠶᠢ ᠡᠭᠦᠷᠭᠡᠯᠡᠵᠦ᠂ ︽ᠰᠤᠷᠤᠯᠴᠠᠬᠤ᠂ ᠡᠭᠦᠳᠬᠦ᠂ ᠲᠣᠭᠯᠠᠬᠤ︾ ᠳᠤᠮᠳᠠ ᠲᠠᠰᠤᠷᠠᠯᠲᠠ ᠦᠭᠡᠢ | ᠬᠦᠴᠦ ᠣᠷᠣᠭᠤᠯᠵᠤ᠂ ᠤᠮᠠᠷᠠᠲᠤ ᠶᠢᠨ ᠰᠣᠶᠣᠯ ᠢ ᠪᠠᠳᠠᠷᠠᠭᠤᠯᠵᠤ᠂ ᠤᠮᠠᠷᠠᠲᠤ ᠶᠢᠨ ᠰᠣᠶᠣᠯ ᠤᠨ ᠪᠠᠶᠢᠭᠤᠯᠤᠯᠲᠠ ᠶᠢ | ᠠᠬᠢᠭᠤᠯᠬᠤ ᠳᠤ ᠰᠡᠳᠬᠢᠯ ᠢᠶᠠᠨ ᠨᠢᠭᠡᠳᠬᠡᠨ ᠬᠦᠴᠦᠨ ᠢᠶᠠᠨ ᠬᠠᠮᠳᠤᠳᠬᠠᠨ ᠤᠷᠤᠭᠰᠢᠯᠠᠵᠤ ᠪᠠᠶᠢᠨ᠎ᠠ ᠃ | |