ᠪᠦᠬᠦ ᠬᠤᠰᠢᠭᠤᠨ ᠤ ᠬᠤᠳᠠ ᠬᠦᠳᠡᠭᠡ ᠶᠢᠨ ᠦᠷᠭᠡᠨ ᠤᠯᠠᠨ ᠰᠠᠭᠤᠭᠠᠯᠢ ᠠᠷᠠᠳ ᠲᠤ᠄ | ᠤᠷᠢᠬᠠᠨ ᠰᠠᠯᠬᠢ ᠢᠯᠪᠢᠵᠦ᠂ ᠬᠠᠩᠰᠢ ᠶᠢᠨ ᠡᠳᠤᠷ ᠪᠠᠰᠠ ᠬᠦᠷᠴᠦ ᠢᠷᠡᠬᠦ ᠪᠤᠯᠤᠯ᠎ᠠ᠃ ᠬᠤᠰᠢᠭᠤ ᠨᠡᠮ ᠤᠨ | ᠬᠤᠷᠢᠶ᠎ᠠ᠂ ᠵᠠᠰᠠᠭ ᠤᠨ ᠤᠷᠳᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠱᠠᠭᠠᠷᠳᠠᠯᠭ᠎ᠠ ᠶᠢ | ᠴᠢᠩᠭ᠎ᠠ ᠲᠤᠤᠱᠯᠠᠭᠤᠯᠤᠨ ᠨᠠᠶᠢᠳᠠᠪᠤᠷᠢᠵᠢᠭᠤᠯᠵᠦ᠂ ᠪᠦᠬᠦ ᠬᠤᠰᠢᠭᠤᠨ ᠤ ᠠᠷᠠᠳ ᠲᠦᠮᠡᠨ ᠤ ᠠᠮᠢ ᠨᠠᠰᠤ ᠡᠷᠡᠬᠦᠯ | ᠮᠠᠨᠳᠤ ᠶᠢᠨ ᠠᠮᠤᠷ ᠲᠦᠪᠰᠢᠨ ᠢ ᠪᠠᠳᠤᠯᠠᠵᠦ᠂ ᠦᠷᠭᠡᠨ ᠤᠯᠠᠨ ᠬᠤᠳᠠ ᠶᠢᠨ ᠠᠷᠠᠳ ᠲᠦᠮᠡᠨ ᠢ ᠬᠦᠳᠤᠯᠤᠨ | ᠵᠢᠯᠤᠭᠤᠳᠴᠦ ᠪᠠᠶᠢᠭᠠᠳ ᠪᠤᠯᠪᠠᠰᠤᠨ ᠡᠷᠡᠬᠦᠯ ᠲᠠᠬᠢᠯᠭ᠎ᠠ ᠶᠢᠨ ᠠᠷᠭ᠎ᠠ ᠮᠠᠶ᠋ᠢᠭ ᠢᠶᠠᠷ ᠨᠦᠭᠴᠢᠭᠰᠡᠳ ᠢᠶᠠᠨ ᠲᠤᠷᠡᠰᠤᠨ | ᠰᠠᠨᠠᠭᠠᠯᠵᠠᠭᠤᠯᠬᠤ ᠶᠢᠨ ᠲᠦᠯᠦᠬᠡ᠂ ᠬᠤᠰᠢᠭᠤ ᠠᠷᠠᠳ ᠤᠨ ᠶᠠᠪᠤᠳᠠᠯ ᠤᠨ ᠲᠤᠪᠴᠢᠶ᠎ᠠ ᠠᠴᠠ ᠲᠤᠤᠷᠡᠬᠢ ᠮᠡᠳᠤ | ᠰᠠᠨᠠᠭᠠᠴᠢᠯᠠᠭ᠎ᠠ ᠭᠠᠷᠭᠠᠪᠡ᠄ | ᠨᠢᠬᠡ ᠳᠤ᠂ ᠰᠦᠯᠵᠢᠶᠠᠨ ᠲᠡᠭᠡᠷ᠎ᠡ ᠲᠠᠬᠢᠯᠭ᠎ᠠ ᠬᠢᠬᠦ ᠶᠢ ᠰᠠᠨᠠᠭᠠᠴᠢᠯᠠᠵᠦ᠂ ᠬᠢᠵᠢᠭ ᠤᠨ ᠪᠠᠶᠢᠳᠠᠯ ᠢ ᠰᠠᠷᠭᠡᠶᠢᠯᠡᠨ | ᠡᠵᠡᠮᠳᠡᠬᠦ ᠱᠠᠭᠠᠷᠳᠠᠯᠭ᠎ᠠ ᠶᠢ ᠵᠢᠷᠤᠮᠯᠠᠨ ᠰᠠᠬᠢᠶ᠎ᠠ᠃ ᠰᠦᠯᠵᠢᠶᠠᠨ ᠲᠡᠭᠡᠷ᠎ᠡ ᠴᠡᠴᠡᠭ ᠬᠦᠷᠭᠡᠬᠦ᠂ ᠰᠦᠯᠵᠢᠶᠠᠨ ᠲᠡᠭᠡᠷ᠎ᠡ | ᠦᠬᠡ ᠬᠡᠯᠡᠬᠦ᠂ ᠰᠦᠯᠵᠢᠶᠠᠨ ᠲᠡᠭᠡᠷ᠎ᠡ ᠲᠡᠬᠢᠬᠤ ᠵᠡᠷᠭᠡ ᠭᠡᠯᠪᠡᠷᠢ ᠪᠠᠷ ᠨᠦᠭᠴᠢᠭᠰᠡᠳ ᠢᠶᠠᠨ ᠲᠤᠷᠡᠰᠤᠨ ᠰᠠᠨᠠᠭᠠᠯᠵᠠᠬᠤ | ᠶᠢ ᠰᠠᠨᠠᠭᠠᠴᠢᠯᠠᠵᠦ ᠪᠤᠢ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠶᠢ ᠤᠬᠠᠮᠰᠠᠷ ᠠᠴᠠ ᠪᠠᠨ | ᠵᠢᠷᠤᠮᠯᠠᠵᠦ᠂ ᠨᠤᠳᠤᠭ ᠲᠠᠭᠠᠨ ᠪᠤᠴᠠᠵᠦ ᠲᠠᠬᠢᠯᠭ᠎ᠠ ᠬᠢᠬᠦ ᠠᠴᠠ ᠠᠯᠢ ᠴᠢᠳᠠᠬᠤ ᠪᠠᠷ ᠵᠠᠶᠢᠯᠠᠰᠬᠢᠵᠦ᠂ ᠲᠤᠬᠠᠢ ᠶᠢᠨ | ᠲᠠᠯᠠᠪᠠᠢ ᠳᠤᠨᠢ ᠬᠦᠷᠴᠦ ᠲᠠᠬᠢᠯᠭ᠎ᠠ ᠬᠢᠬᠦ ᠶᠢ ᠪᠠᠭᠠᠰᠬᠠᠨ᠂ ᠤᠯᠠᠭᠤᠯᠠ ᠴᠤᠭᠯᠠᠷᠠᠨ ᠲᠠᠬᠢᠯᠭ᠎ᠠ ᠬᠢᠬᠦ ᠦᠬᠡᠢ᠂ | ᠴᠤᠭᠯᠠᠷᠠᠵᠦ ᠬᠤᠭᠤᠯᠠᠯᠠᠬᠤ ᠦᠬᠡᠢ ᠪᠠᠶᠢᠵᠦ᠂ ᠬᠦᠮᠦᠨ ᠬᠠᠷ᠎ᠡ ᠶᠠᠪᠤᠵᠦ ᠰᠠᠭᠤᠬᠤ ᠪᠡ ᠤᠯᠠᠭᠤᠯᠠ ᠴᠤᠭᠯᠠᠷᠠᠭᠰᠠᠨ | ᠠᠴᠠ ᠪᠤᠯᠵᠦ ᠬᠢᠵᠢᠭ ᠤᠨ ᠪᠠᠶᠢᠳᠠᠯ ᠤᠨ ᠬᠠᠯᠳᠠᠪᠤᠷᠢᠯᠠᠯ ᠤᠨ ᠲᠦᠭᠰᠢᠬᠦᠷᠢ ᠡᠬᠦᠰᠬᠦ ᠶᠢ ᠦᠨᠡᠨᠬᠦ ᠪᠠᠭᠠᠰᠬᠠᠶ᠎ᠠ᠃ | ᠬᠤᠶᠠᠷ ᠲᠤ᠂ ᠨᠠᠰᠤᠳᠠᠳ ᠢᠶᠠᠨ ᠠᠴᠢᠯᠠᠵᠦ᠂ ᠲᠦᠷᠦᠯ ᠰᠠᠳᠤᠨ ᠢᠶᠠᠨ ᠬᠠᠶᠢᠷᠠᠯᠠᠬᠤ ᠶᠢ ᠰᠠᠨᠠᠭᠠᠴᠢᠯᠠᠵᠦ᠂ | ᠤᠯᠠᠮᠵᠢᠯᠠᠯᠳᠤ ᠰᠠᠶᠢᠬᠠᠨ ᠰᠤᠷᠳᠠᠯ ᠢᠶᠠᠨ ᠪᠠᠳᠠᠷᠠᠭᠤᠯᠤᠶ᠎ᠠ᠃ ᠡᠯᠪᠡᠭ ᠪᠠᠶᠠᠯᠢᠭ ᠲᠠᠬᠢᠯᠭ᠎ᠠ ᠨᠢ ᠡᠨᠡᠷᠢᠯ ᠠᠴᠢᠯᠠᠯ ᠢ | ᠬᠦᠷᠬᠦ ᠦᠬᠡᠢ ᠶᠤᠮ᠂ ᠡᠶᠢᠮᠤ ᠠᠴᠠ ᠠᠴᠢᠯᠠᠯ ᠢ ᠲᠠᠷᠢᠬᠦᠨ ᠳᠤ ᠲᠠᠯᠪᠢᠶ᠎ᠠ᠃ ᠭᠡᠷ ᠪᠦᠯᠢ ᠶᠢᠨ ᠮᠦᠷᠦᠭᠡᠳᠤᠯ᠂ | ᠰᠤᠷᠭᠤᠭ ᠴᠡᠴᠡᠭ ᠢᠶᠠᠷ ᠲᠠᠬᠢᠬᠤ᠂ ᠲᠤᠷᠭᠠᠨ ᠪᠦᠴᠠ ᠪᠠᠷ ᠲᠡᠬᠢᠬᠤ᠂ ᠪᠢᠴᠢᠭᠡᠰᠤ ᠪᠢᠴᠢᠬᠦ ᠵᠡᠷᠭᠡ ᠪᠤᠬᠢᠷᠳᠤᠯ ᠦᠬᠡᠢ | ᠲᠠᠬᠢᠯᠭ᠎ᠠ ᠶᠢᠨ ᠠᠷᠭ᠎ᠠ ᠮᠠᠶ᠋ᠢᠭ ᠢᠶᠠᠷ ᠲᠠᠮᠵᠢᠨ ᠨᠦᠭᠴᠢᠭᠰᠡᠳ ᠢᠶᠠᠨ ᠲᠤᠷᠡᠰᠤᠨ ᠰᠠᠨᠠᠭᠠᠯᠵᠠᠬᠤ ᠶᠢ ᠰᠠᠨᠠᠭᠠᠴᠢᠯᠠᠶ᠎ᠠ᠃ | ᠨᠠᠰᠤᠳᠠᠳ ᠢᠶᠠᠨ ᠬᠦᠨᠳᠤᠯᠠᠵᠦ ᠬᠠᠶᠢᠷᠠᠯᠠᠨ ᠬᠠᠯᠠᠮᠵᠢᠯᠠᠬᠤ ᠤᠯᠠᠮᠵᠢᠯᠠᠯᠳᠤ ᠰᠠᠶᠢᠬᠠᠨ ᠰᠤᠷᠳᠠᠯ ᠢ ᠶᠡᠭᠡᠪᠡᠷ | ᠪᠠᠳᠠᠷᠠᠭᠤᠯᠵᠦ᠂ ᠨᠠᠰᠤᠳᠠᠶᠢᠴᠤᠳ ᠢᠶᠠᠨ ᠠᠮᠢᠳᠤ ᠰᠡᠷᠢᠬᠦᠨ ᠪᠠᠶᠢᠬᠤ ᠳᠤᠨᠢ ᠠᠴᠢᠯᠠᠯ ᠤᠨ ᠰᠡᠳᠬᠢᠯ ᠢᠶᠠᠨ ᠢᠯᠡᠬᠦᠬᠡᠨ | ᠬᠦᠢᠴᠡᠳᠭᠡᠶ᠎ᠡ᠃ ᠲᠦᠷᠦᠯ ᠰᠠᠳᠤᠨ ᠨᠢ ᠨᠠᠰᠤ ᠪᠠᠷᠠᠭᠰᠠᠨ ᠤ ᠲᠠᠷᠠᠭ᠎ᠠ ᠶᠡᠬᠡᠪᠡᠷ ᠤᠷᠤᠰᠢᠭᠤᠯᠭ᠎ᠠ ᠶᠢᠨ ᠶᠤᠰᠤᠯᠠᠯ ᠬᠢᠬᠦ | ᠦᠬᠡᠢ᠂ ᠬᠠᠷᠢᠯᠴᠠᠨ ᠠᠳᠠᠯᠢᠳᠬᠠᠨ ᠠᠳᠠᠭᠠᠷᠬᠠᠬᠤ ᠦᠬᠡᠢ ᠪᠠᠶᠢᠵᠦ᠂ ᠬᠦᠨᠳᠤᠯᠠᠨ ᠠᠰᠠᠷᠠᠵᠦ ᠬᠦᠩᠭᠡᠨ ᠢᠶᠠᠷ | ᠤᠷᠤᠰᠢᠭᠤᠯᠬᠤ ᠰᠢᠨ᠎ᠡ ᠦᠵᠡᠯᠳᠡ ᠶᠢ ᠪᠤᠢ ᠪᠤᠯᠭᠠᠶ᠎ᠠ᠃ | ᠭᠤᠷᠪᠡ ᠳᠤ᠂ ᠤᠯᠤᠰ ᠢᠶᠠᠨ ᠬᠠᠶᠢᠷᠠᠯᠠᠵᠦ ᠬᠤᠪᠢ ᠨᠡᠮᠡᠷᠢ ᠦᠵᠡᠬᠦᠯᠬᠦ ᠶᠢ ᠰᠠᠨᠠᠭᠠᠴᠢᠯᠠᠵᠦ᠂ ᠬᠤᠪᠢᠰᠬᠠᠯ ᠤᠨ | ᠦᠷᠡᠭᠳᠡᠭᠰᠡᠨ ᠪᠠᠭᠠᠳᠤᠷᠴᠤᠳ ᠢ ᠲᠤᠷᠡᠰᠤᠨ ᠰᠠᠨᠠᠭᠠᠯᠵᠠᠶ᠎ᠠ᠃ ᠨᠡᠮ ᠤᠨ ᠲᠡᠤᠭᠡ ᠶᠢᠨ ᠦᠯᠢᠬᠡᠷ ᠢ ᠰᠤᠨᠤᠰᠬᠤ᠂ | ᠬᠤᠪᠢᠰᠬᠠᠯ ᠤᠨ ᠰᠤᠩᠭᠤᠳᠠᠭ ᠵᠤᠬᠢᠶᠠᠯ ᠢ ᠤᠩᠰᠢᠬᠤ᠂ ᠬᠤᠪᠢᠰᠬᠠᠯ ᠤᠨ ᠲᠠᠭᠤᠤ ᠶᠢ ᠲᠠᠭᠤᠯᠠᠬᠤ ᠵᠡᠷᠭᠡ ᠠᠷᠭ᠎ᠠ | ᠭᠡᠯᠪᠡᠷᠢ ᠪᠠᠷ ᠲᠠᠮᠵᠢᠭᠤᠯᠤᠨ᠂ ᠦᠨᠳᠤᠰᠤᠳᠠᠨ ᠤ ᠲᠤᠰᠠᠭᠠᠷ ᠲᠤᠭᠳᠠᠨᠢᠯ᠂ ᠠᠷᠠᠳ ᠲᠦᠮᠡᠨ ᠤ ᠴᠢᠯᠦᠬᠡᠯᠡᠯᠳᠡ ᠪᠡ | ᠤᠯᠤᠰ ᠤᠷᠤᠨ ᠤ ᠪᠠᠶᠠᠵᠢᠯ ᠬᠦᠴᠦᠷᠭᠡᠭᠵᠢᠯ᠂ ᠠᠷᠠᠳ ᠲᠦᠮᠡᠨ ᠤ ᠵᠤᠯ ᠵᠢᠷᠭᠠᠯ ᠤᠨ ᠲᠦᠯᠦᠬᠡ ᠯᠤᠳᠤ ᠶᠡᠭᠡ | ᠬᠤᠪᠢ ᠨᠡᠮᠡᠷᠢ ᠪᠡ ᠦᠷᠡᠭᠳᠡᠯ ᠭᠠᠷᠭᠠᠭᠰᠠᠨ ᠲᠡᠳᠡᠭᠡᠷ ᠦᠷᠡᠭᠳᠡᠭᠰᠡᠨ ᠪᠠᠭᠠᠳᠤᠷᠴᠤᠳ ᠢ ᠪᠠᠳᠤ ᠴᠡᠭᠡᠵᠢᠯᠡᠵᠦ | ᠲᠤᠷᠡᠰᠤᠨ ᠰᠠᠨᠠᠭᠠᠯᠵᠠᠶ᠎ᠠ᠃ ᠡᠭᠡ ᠤᠷᠤᠨᠴᠢ ᠦᠵᠡᠯ ᠤᠨ ᠵᠤᠷᠢᠭ ᠰᠠᠨᠠᠭ᠎ᠠ ᠶᠢ ᠶᠡᠬᠡᠪᠡᠷ ᠪᠠᠳᠠᠷᠠᠭᠤᠯᠵᠦ᠂ ︽ | ᠰᠦᠯᠵᠢᠶᠠᠨ ᠲᠡᠭᠡᠷ᠎ᠡ ᠦᠷᠡᠭᠳᠡᠭᠰᠡᠨ ᠪᠠᠭᠠᠳᠤᠷᠴᠤᠳ ᠢᠶᠠᠨ ᠲᠠᠬᠢᠬᠤ︾ ᠠᠵᠢᠯᠯᠠᠭ᠎ᠠ ᠦᠷᠨᠢᠬᠦᠯᠵᠦ᠂ ᠦᠷᠭᠡᠨ ᠤᠯᠠᠨ | ᠵᠠᠯᠠᠭᠤᠴᠤᠳ ᠪᠠᠭᠠᠴᠤᠳ ᠢ ᠬᠦᠮᠦᠵᠢᠬᠦᠯᠦᠨ ᠵᠢᠯᠤᠭᠤᠳᠴᠦ ᠪᠠᠶᠢᠭᠠᠳ ᠦᠷᠡᠭᠳᠡᠭᠰᠡᠨ ᠪᠠᠭᠠᠳᠤᠷᠴᠤᠳ ᠤᠨ ᠤᠶᠢᠯᠠ | ᠠᠵᠢᠯᠯᠠᠭ᠎ᠠ ᠶᠢ ᠪᠠᠳᠤ ᠴᠡᠭᠡᠵᠢᠯᠡᠬᠦᠯᠵᠦ᠂ ᠦᠷᠡᠭᠳᠡᠭᠰᠡᠨ ᠪᠠᠭᠠᠳᠤᠷᠴᠤᠳ ᠤᠨ ᠵᠤᠷᠢᠭ ᠰᠠᠨᠠᠭ᠎ᠠ ᠶᠢ ᠤᠯᠠᠮᠵᠢᠯᠠᠨ᠂ | ᠬᠤᠪᠢᠰᠬᠠᠯ ᠤᠨ ᠤᠳᠤᠮᠰᠢᠯ ᠢ ᠵᠠᠯᠭᠠᠮᠵᠢᠯᠠᠵᠦ᠂ ᠦᠨᠳᠤᠰᠤᠳᠠᠨ ᠤ ᠰᠡᠷᠬᠦᠨ ᠮᠠᠨᠳᠤᠯᠳᠠ ᠶᠢᠨ ᠶᠡᠭᠡ ᠡᠬᠦᠷᠭᠡ ᠶᠢ | ᠡᠬᠦᠷᠭᠡᠯᠡᠬᠦ ᠴᠠᠭ ᠦᠶ᠎ᠠ ᠶᠢᠨ ᠰᠢᠨ᠎ᠡ ᠬᠦᠮᠦᠨ ᠪᠤᠯᠭᠠᠬᠤ ᠪᠠᠷ ᠴᠢᠷᠮᠠᠶᠢᠶ᠎ᠠ᠃ | ᠲᠦᠷᠪᠡ ᠳᠤ᠂ ᠪᠤᠯᠪᠠᠰᠤᠨ ᠢᠶᠠᠷ ᠲᠠᠬᠢᠯᠭ᠎ᠠ ᠬᠢᠬᠦ ᠶᠢ ᠰᠠᠨᠠᠭᠠᠴᠢᠯᠠᠵᠦ᠂ ᠨᠡᠮ ᠤᠨ ᠭᠡᠰᠢᠬᠦᠨ ᠺᠡᠳ᠋ᠷ | ᠲᠦᠷᠦᠬᠦᠯᠡᠨ ᠰᠠᠶᠢᠳᠤᠷ ᠬᠢᠶ᠎ᠠ᠃ ᠲᠠᠬᠢᠯᠭ᠎ᠠ ᠶᠢᠨ ᠠᠵᠢᠯᠯᠠᠭ᠎ᠠ ᠳᠤ ᠶᠠᠷᠰᠢᠭ ᠲᠦᠪᠡᠭ ᠲᠠᠢ ᠶᠤᠰᠤᠯᠠᠯ | ᠶᠠᠪᠤᠭᠳᠠᠭᠤᠯᠬᠤ ᠦᠬᠡᠢ᠂ ᠹᠸᠤᠳᠠᠯ ᠤᠨ ᠮᠤᠬᠤᠷ ᠪᠢᠰᠢᠷᠡᠯ ᠢ ᠡᠷᠬᠢᠮᠯᠠᠬᠦ ᠦᠬᠡᠢ᠂ ᠪᠦᠷᠢᠯᠭᠡᠨ ᠰᠦᠢᠳᠭᠡᠬᠦ ᠦᠬᠡᠢ᠂ | ᠴᠠᠭᠠᠰᠤᠨ ᠵᠤᠭᠤᠰ ᠪᠤᠶᠤ ᠲᠠᠬᠢᠯᠭ᠎ᠠ ᠶᠢᠨ ᠪᠤᠳᠠᠰ ᠰᠢᠳᠠᠭᠠᠬᠤ ᠦᠬᠡᠢ᠂ ᠫᠤᠤᠵᠢᠩ ᠲᠠᠯᠪᠢᠬᠤ ᠦᠬᠡᠢ ᠪᠠᠶᠢᠵᠦ᠂ | ᠠᠷᠪᠢᠯᠠᠨ ᠭᠠᠮᠨᠠᠬᠤ ᠭᠡᠯᠪᠡᠷᠢ ᠪᠠᠷ ᠭᠠᠰᠢᠭᠤᠳᠠᠯ ᠢᠶᠠᠨ ᠢᠯᠡᠳᠭᠡᠶ᠎ᠡ᠃ ᠨᠡᠮ ᠤᠨ ᠭᠡᠰᠢᠬᠦᠨ ᠺᠡᠳ᠋ᠷᠴᠤᠳ ᠪᠠᠶ᠎ᠠ ᠪᠠᠷ | ᠢᠶᠠᠨ ᠭᠡᠪ ᠲᠠᠭᠤᠷᠢᠶᠠᠯ ᠦᠵᠡᠬᠦᠯᠦᠨ᠂ ᠪᠤᠯᠪᠠᠰᠤᠨ ᠲᠠᠬᠢᠯᠭ᠎ᠠ ᠶᠢᠨ ᠦᠢᠯᠡᠳᠤᠯᠭᠡᠵᠢᠬᠦᠯᠦᠭᠴᠢ᠂ ᠬᠦᠳᠤᠯᠤᠨ | ᠲᠠᠭᠠᠭᠤᠯᠤᠭᠴᠢ ᠪᠤᠯᠵᠦ᠂ ᠦᠪᠡᠷ ᠤᠨ ᠪᠤᠳᠠᠳᠤ ᠠᠵᠢᠯᠯᠠᠭ᠎ᠠ ᠪᠠᠷ ᠢᠶᠠᠨ ᠲᠦᠷᠦᠯ ᠰᠠᠳᠤᠨ᠂ ᠨᠠᠶᠢᠵᠠ ᠨᠦᠬᠦᠳ | ᠪᠤᠯᠤᠨ ᠡᠷᠬᠢᠨ ᠲᠤᠭᠤᠷᠢᠨ ᠤ ᠤᠯᠠᠨ ᠲᠦᠮᠡᠨ ᠢ ᠨᠦᠯᠦᠬᠡᠯᠡᠨ ᠲᠠᠶᠢᠴᠢᠯᠠᠵᠦ ᠪᠠᠶᠢᠭᠠᠳ ᠬᠠᠭᠤᠴᠢᠨ ᠶᠤᠰᠤ | ᠪᠦᠳᠤᠬᠦᠯᠢᠭ ᠵᠠᠩᠰᠢᠯ ᠪᠤᠯᠤᠨ ᠹᠸᠤᠳᠠᠯ ᠤᠨ ᠮᠤᠬᠤᠷ ᠪᠢᠰᠢᠷᠡᠯ ᠢ ᠤᠬᠠᠮᠰᠠᠷ ᠠᠴᠠ ᠪᠠᠨ ᠬᠤᠷᠢᠭᠯᠠᠵᠦ᠂ ᠭᠡᠪ ᠵᠠᠩᠰᠢᠯ | ᠢ ᠦᠬᠡᠷᠡᠴᠢᠯᠠᠨ᠂ ᠰᠢᠨ᠎ᠡ ᠦᠷ᠎ᠡ ᠪᠦᠳᠤᠮᠵᠢ ᠤᠯᠬᠤ ᠶᠢ ᠢᠳᠡᠪᠬᠢᠳᠡᠢ ᠪᠠᠷ ᠠᠬᠢᠭᠤᠯᠤᠶ᠎ᠠ᠃ | ᠦᠷᠭᠡᠨ ᠤᠯᠠᠨ ᠨᠡᠮ ᠤᠨ ᠬᠡᠰᠢᠬᠦᠨ ᠺᠡᠳ᠋ᠷ ᠪᠤᠯᠤᠨ ᠰᠠᠭᠤᠭᠠᠯᠢ ᠠᠷᠠᠳ ᠨᠡᠷ ᠡ᠂ ᠰᠢᠨ᠎ᠡ ᠲᠢᠳᠢᠮᠯᠢᠭ | ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠤᠯ ᠪᠦᠬᠦ ᠨᠠᠶᠢᠬᠡᠮ ᠤᠨ ᠬᠠᠮᠳᠤ ᠶᠢᠨ | ᠬᠠᠷᠢᠭᠤᠴᠠᠯᠭ᠎ᠠ ᠮᠦᠨ᠃ ᠪᠢᠳᠡ ᠭᠠᠷ ᠭᠠᠷ ᠢᠶᠠᠨ ᠬᠤᠯᠪᠤᠯᠴᠠᠨ᠂ ᠦᠪᠡᠷ ᠤᠨ ᠪᠠᠶ᠎ᠠ ᠠᠴᠠ ᠪᠠᠨ ᠡᠬᠢᠯᠡᠨ ᠬᠢᠵᠦ᠂ | ᠦᠵᠡᠯᠳᠡ ᠪᠠᠨ ᠬᠤᠪᠢᠷᠠᠭᠤᠯᠤᠨ᠂ ᠰᠠᠶᠢᠨ ᠰᠠᠶᠢᠬᠠᠨ ᠭᠡᠪ ᠰᠤᠷᠳᠠᠯ ᠢ ᠪᠠᠳᠠᠷᠠᠭᠤᠯᠵᠦ᠂ ᠤᠷᠴᠢᠨ ᠠᠬᠤᠢ ᠶᠢ | ᠬᠠᠶᠢᠷᠠᠯᠠᠨ ᠬᠠᠮᠠᠭᠠᠯᠠᠵᠦ᠂ ᠢᠳᠡᠪᠬᠢᠳᠡᠢ ᠦᠢᠯᠡᠳᠤᠯᠬᠡᠵᠢᠬᠦᠯᠦᠨ᠂ ᠪᠤᠯᠪᠠᠰᠤᠨ ᠪᠦᠭᠡᠳ ᠡᠷᠡᠬᠦᠯ ᠲᠠᠬᠢᠯᠭ᠎ᠠ ᠶᠢᠨ | ᠠᠷᠭ᠎ᠠ ᠮᠠᠶ᠋ᠢᠭ ᠢᠶᠠᠷ ᠨᠦᠭᠴᠢᠭᠰᠡᠳ ᠢᠶᠠᠨ ᠲᠤᠷᠡᠰᠤᠨ ᠰᠠᠨᠠᠭᠠᠯᠵᠠᠵᠦ᠂ ᠭᠠᠰᠢᠭᠤᠳᠠᠯ ᠮᠦᠷᠦᠭᠡᠳᠤᠯ ᠢᠶᠠᠨ ᠢᠯᠡᠳᠭᠡᠨ᠂ | ᠪᠤᠯᠪᠠᠰᠤᠨ ᠪᠦᠭᠡᠳ ᠡᠶ᠎ᠡ ᠵᠤᠬᠢᠴᠠᠯ ᠲᠠᠢ ᠠᠮᠤᠷ ᠲᠦᠪᠰᠢᠨ ᠰᠠᠶᠢᠨ ᠰᠠᠶᠢᠬᠠᠨ ᠭᠡᠷ ᠤᠷᠤᠨ ᠢᠶᠠᠨ ᠬᠠᠮᠳᠤᠪᠡᠷ | ᠴᠤᠭᠴᠠᠯᠠᠶ᠎ᠠ᠃ | | | ᠰᠦᠨᠢᠳ ᠪᠠᠷᠠᠭᠤᠨ ᠬᠤᠰᠢᠭᠤᠨ ᠤ ᠠᠷᠠᠳ ᠤᠨ ᠶᠠᠪᠤᠳᠠᠯ ᠤᠨ ᠲᠣᠪᠴᠢᠶ᠎ᠠ | 2022ᠣᠨ ᠤ 3 ᠰᠠᠷ᠎ᠠ ᠶᠢᠨ28 ᠤ ᠡᠳᠦᠷ |