ᠳᠡᠭᠡᠷ᠎ᠡ ᠵᠠᠭᠤᠨ ᠤ ᠲᠠᠪᠢᠭᠠᠳ ᠣᠨ ᠤ ᠰᠡᠭᠦᠯᠴᠢ ᠵᠢᠷᠠᠨ ᠣᠨ ᠤ ᠡᠬᠢ ᠪᠠᠷ ᠮᠠᠨ ᠤ ᠤᠯᠤᠰ ᠲᠤᠶᠢᠯ ᠤᠨ ᠶᠡᠭᠡ | ᠪᠠᠶᠢᠭᠠᠯᠢ ᠶᠢᠨ ᠭᠠᠮᠰᠢᠭ ᠳᠤ ᠤᠴᠠᠷᠠᠵᠤ᠂ ᠠᠮᠤ ᠬᠦᠨᠡᠰᠦ ᠳᠤᠳᠠᠭᠳᠠᠨ ᠭᠠᠴᠢᠭᠳᠠᠵᠤ ᠪᠠᠶᠢᠭ᠎ᠠ ᠦᠶ᠎ᠡ ᠳᠤ᠂ | ᠱᠠᠩᠬᠠᠢ᠂ ᠵᠢᠶᠠᠩᠰᠦ ᠵᠡᠷᠭᠡ ᠭᠠᠵᠠᠷ ᠤᠨ 3000 ᠭᠠᠷᠤᠢ ᠥᠨᠥᠴᠢᠨ ᠨᠢᠯᠬ᠎ᠠ ᠬᠡᠦᠬᠡᠳ᠂ ᠥᠪᠥᠷ ᠮᠣᠩᠭᠤᠯ ᠤᠨ | ︽ᠳᠠᠯ᠎ᠠ ᠨᠤᠲᠤᠭ ᠤᠨ ᠡᠵᠢ︾ ᠨᠠᠷ ᠤᠨ ᠬᠠᠯᠠᠭᠤᠨ ᠬᠠᠶᠢᠷ᠎ᠠ᠂ ᠳᠠᠯ᠎ᠠ ᠨᠤᠳᠤᠭ ᠤᠨ ᠠᠷᠠᠳ ᠲᠦᠮᠡᠨ ᠤ ᠬᠠᠶᠢᠷ᠎ᠠ | ᠡᠩᠭᠦᠷᠡᠶᠢᠯᠡᠯ ᠳᠤᠤᠷ᠎ᠠ ︽ᠤᠯᠤᠰ ᠤᠨ ᠬᠡᠦᠬᠡᠳ︾ ᠬᠡᠮᠡᠭᠳᠡᠨ ᠦᠰᠦᠭᠰᠡᠨ ᠪᠠᠶᠢᠳᠠᠭ᠃ ᠡᠷᠴᠢᠵᠣᠷᠢᠭ ᠪᠣᠯ ᠳᠠᠷᠤᠢ | ᠡᠳᠡᠨ ᠤ ᠳᠤᠮᠳᠠᠬᠢ ᠨᠢᠭᠡᠨ ᠪᠢᠯᠡ᠃ | | | | ᠬᠥᠬᠡ ᠲᠣᠷᠭᠠᠨ ᠳᠡᠪᠡᠯ ᠢᠶᠠᠷ ᠵᠢᠭᠳᠡᠭᠡᠨ ᠭᠤᠶᠤᠭᠰᠠᠨ ᠨᠠᠰᠤᠲᠠᠶᠢᠴᠤᠳ《 ᠬᠦᠳᠡᠭᠡ ᠳᠠᠯ᠎ᠠ ᠳᠤ ᠮᠦᠩᠭᠡ ᠶᠢᠨ | ᠨᠠᠷᠠᠨ ᠮᠠᠨᠳᠤᠯ᠎ᠠ︾ ᠬᠡᠬᠦ ᠳᠠᠭᠤᠤ ᠶᠢ ᠣᠷᠭᠢᠯᠤᠮ᠎ᠠ ᠬᠠᠯᠠᠭᠤᠨ ᠰᠡᠳᠬᠢᠯᠭᠡ ᠪᠠᠷ ᠬᠦᠭᠵᠢᠮ ᠤᠨ ᠳᠠᠩᠭᠢᠮ ᠳᠤ | ᠴᠤᠤᠷᠢᠶ᠎ᠠ ᠳᠠᠳᠠᠭᠤᠯᠤᠨ ᠬᠠᠩᠭᠢᠨᠠᠭᠤᠯᠤᠨ᠎ᠠ᠃ ᠡᠷᠴᠢᠵᠤᠷᠢᠭ ᠨᠠᠰᠤᠳᠠᠨ ᠤ ᠳᠠᠭᠠᠭᠤᠯᠭ᠎ᠠ ᠪᠠᠷ᠂ ᠨᠠᠮ ᠤᠨ | ᠬᠤᠷᠢᠳᠤᠭᠠᠷ ᠶᠡᠭᠡ ᠬᠤᠷᠠᠯ ᠤᠨ ᠠᠮᠵᠢᠯᠳᠠᠳᠠᠢ ᠬᠤᠷᠠᠯᠳᠤᠬᠤ ᠶᠢ ᠤᠭᠳᠤᠬᠤ ᠳᠤ ᠵᠤᠷᠢᠭᠤᠯᠤᠭᠰᠠᠨ ᠡᠨᠡᠬᠦ ᠬᠠᠮᠳᠤ | ᠶᠢᠨ ᠳᠠᠭᠤᠨ ᠤ ᠪᠠᠭ ᠨᠢ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ᠂ ᠮᠠᠯᠴᠢᠨ ᠵᠡᠷᠭᠡ ᠨᠠᠰᠤᠳᠠᠶᠢᠴᠤᠳ ᠢᠶᠠᠷ | ᠪᠦᠷᠢᠯᠳᠦᠵᠡᠢ᠃ ᠬᠠᠷᠢᠨ ᠤᠨᠴᠠᠭᠠᠢ ᠨᠢ ᠭᠡᠪᠡᠯ ᠳᠡᠳᠡ ᠪᠦᠬᠦᠳᠡᠭᠡᠷ ᠢᠶᠠᠨ ︽ᠤᠯᠤᠰ ᠤᠨ ᠭᠡᠦᠭᠡᠳ︾ ᠤᠳ ᠪᠠᠶᠢᠯ᠎ᠠ | ᠃ | ᠡᠨᠡ ᠤᠳᠠᠭᠠᠨ ᠤ ᠲᠣᠭᠯᠠᠯᠲᠠ ᠳᠤ ᠨᠠᠶᠢᠷᠠᠯ ᠳᠠᠭᠤᠤ᠂ ᠪᠥᠵᠢᠭ᠂ ᠰᠢᠯᠦᠭ ᠵᠡᠷᠭᠡ ᠨᠠᠰᠤᠳᠠᠶᠢᠴᠤᠳ ᠤᠨ | ᠦᠪᠡᠷᠳᠡᠭᠡᠨ ᠵᠤᠬᠢᠶᠠᠨ ᠪᠠᠶᠢᠭᠤᠯᠵᠤ ᠪᠤᠯᠪᠠᠰᠤᠷᠠᠭᠰᠠᠨ ᠳᠤᠭᠯᠠᠯᠳᠠ ᠨᠤᠭᠤᠳ ᠪᠠᠶᠢᠭ᠎ᠠ ᠶᠤᠮ᠃ ᠡᠷᠴᠢᠵᠣᠷᠢᠭ | ᠨᠠᠰᠤᠲᠠᠨ ᠪᠠᠭ ᠤᠨ ᠬᠢᠨ ᠢᠶᠠᠨ ᠳᠠᠭᠠᠭᠤᠯᠤᠨ ᠦᠳᠡ ᠶᠢᠨ ᠬᠤᠶᠢᠨ᠎ᠠ ᠪᠤᠯᠭᠠᠨ ᠪᠤᠯᠪᠠᠰᠤᠷᠠᠵᠤ᠂ ᠢᠯᠭᠤᠮ ᠰᠠᠶᠢᠬᠠᠨ | ᠳᠠᠭᠤᠤ ᠠᠶᠠᠯᠭᠤ ᠨᠢ ᠬᠦᠷᠢᠶ᠎ᠡ ᠳᠦᠭᠦᠷᠡᠩ ᠴᠤᠤᠷᠢᠶᠠᠳᠤᠳᠠᠭ᠃ | ᠡᠷᠴᠢᠵᠣᠷᠢᠭ ᠨᠠᠰᠤᠲᠠᠨ ᠪᠤᠯ ᠦᠨᠳᠦᠰᠦᠨ ᠱᠠᠳᠤᠨ ᠤ ᠠᠵᠢᠯ ᠠᠴᠠ ᠪᠠᠨ ᠠᠮᠠᠷᠠᠭᠰᠠᠨ ᠪᠠᠭᠰᠢ ᠶᠤᠮ᠃ | 1984 ᠣᠨ ᠳᠤ ᠠᠵᠢᠯ ᠳᠤ ᠣᠷᠣᠵᠤ᠂ 25 ᠵᠢᠯ ᠠᠵᠢᠯᠴᠢ ᠬᠢᠴᠢᠶᠡᠩᠭᠦᠢ ᠪᠠᠷ ᠠᠵᠢᠯᠯᠠᠭᠠᠳ 30 ᠭᠠᠷᠤᠢ | ᠢᠷᠠᠭᠤ ᠠᠯᠳᠠᠷ ᠤᠨ ᠱᠠᠩᠨᠠᠯ ᠦᠨᠡᠮᠯᠡᠯ ᠬᠦᠷᠳᠡᠵᠦ ᠶᠠᠪᠤᠭᠰᠠᠨ ᠶᠤᠮ᠃ ᠨᠠᠰᠤᠲᠠᠨ ︽ᠬᠡᠦᠬᠡᠳ ᠪᠣᠯ ᠡᠬᠡ | ᠤᠯᠤᠰ ᠤᠨ ᠢᠷᠡᠭᠡᠳᠦᠢ᠂ ᠡᠬᠡ ᠤᠯᠤᠰ ᠨᠠᠮ᠎ᠠ ᠶᠢ ᠬᠥᠮᠦᠵᠢᠭᠦᠯᠵᠡᠢ᠂ ᠡᠨᠡ ᠠᠴᠢ ᠶᠢᠨ ᠬᠠᠷᠢᠭᠤ ᠳᠤ᠂ | ᠬᠡᠦᠬᠡᠳ ᠤᠳ ᠢᠶᠠᠨ ᠬᠥᠮᠦᠨ ᠪᠣᠯᠭᠠᠨ ᠬᠦᠮᠦᠵᠢᠬᠦᠯᠦᠨ᠎ᠡ︾ ᠭᠡᠮᠡᠨ ᠪᠠᠭᠰᠢ ᠶᠢᠨ ᠠᠯᠳᠠᠷ ᠢᠶᠠᠨ ᠳᠠᠭᠤᠷᠢᠰᠬᠠᠵᠤ | ᠤᠯᠠᠨ ᠤᠯᠠᠨ ᠬᠡᠦᠬᠡᠳ ᠤᠨ ᠤᠶᠤᠳᠠᠨ ᠪᠤᠯᠬᠤ ᠲᠦᠷᠦᠬᠡᠨ ᠳᠤ ᠨᠢ ᠬᠢᠰᠬᠢᠬᠦᠯᠵᠦ᠂ ᠨᠡᠶᠢᠭᠡᠮ ᠨᠡᠶᠢᠳᠡ ᠳᠤ ᠬᠤᠪᠢ | ᠨᠡᠮᠡᠷᠢ ᠦᠵᠡᠬᠦᠯᠬᠦ ᠳᠤ ᠨᠢ ᠪᠠᠳᠤ ᠰᠠᠭᠤᠷᠢ ᠳᠠᠯᠪᠢᠨ᠂ ᠪᠣᠳᠠᠲᠤ ᠠᠵᠢᠯᠯᠠᠭ᠎ᠠ ᠪᠠᠷ ᠢᠶᠠᠨ ᠡᠬᠡ ᠤᠯᠤᠰ ᠤᠨ ᠥᠰᠬᠡᠵᠦ | ᠬᠥᠮᠦᠵᠢᠭᠦᠯᠦᠭᠰᠡᠨ ᠠᠴᠢ ᠶᠢ ᠬᠠᠷᠢᠭᠤᠯᠵᠠᠢ᠃ | | | | | | ᠡᠷᠭᠦᠮᠡᠯ ᠠᠪᠤ ᠡᠵᠢ ᠪᠠᠨ ᠳᠤᠷᠠᠰᠬᠤ ᠳᠤ ᠨᠠᠰᠤᠲᠠᠨ ᠤ ᠴᠢᠷᠠᠢ ᠳᠤ ᠪᠠᠶᠠᠷ ᠬᠠᠷᠠᠮᠰᠠᠯ ᠵᠡᠷᠭᠡᠴᠡᠨ ᠲᠣᠳᠤᠷᠠᠨ᠎ᠠ᠃ | ᠰᠠᠶᠢᠬᠠᠨᠲᠠᠯ᠎ᠠ ᠳᠤ ᠢᠷᠡᠭᠡᠳ ᠳᠡᠮᠡᠢ ᠤᠳᠠᠭᠰᠠᠨ ᠦᠭᠡᠢ ᠡᠷᠭᠦᠮᠡᠯ ᠠᠪᠦ ᠨᠢ ᠠᠳᠡᠯ ᠠᠴᠠ ᠪᠣᠯᠵᠤ ᠨᠠᠰᠤ ᠪᠠᠷᠠᠨ᠂ | ᠬᠤᠵᠢᠮ ᠨᠢ ᠡᠷᠭᠦᠮᠡᠯ ᠡᠵᠢ ᠨᠢ ᠲᠡᠭᠦᠨ ᠢ ᠳᠠᠭᠠᠭᠤᠯᠤᠨ ᠳᠠᠬᠢᠨ ᠨᠢᠭᠡ ᠭᠡᠷ ᠪᠦᠯᠢ ᠪᠣᠯᠪᠠ ᠃ ᠭᠠᠢ ᠭᠠᠵᠠᠷ | ᠳᠣᠣᠷ᠎ᠠ ᠠᠴᠠ ᠭᠡᠳᠡᠭ ᠢᠶᠠᠷ ᠲᠡᠭᠦᠨ ᠢ ᠲᠠᠪᠤ ᠵᠢᠷᠭᠤᠭᠠᠨ ᠨᠠᠰᠤᠲᠠᠢ ᠦᠶ᠎ᠡ ᠳᠤ ᠡᠷᠭᠦᠮᠡᠯ ᠡᠵᠢ ᠨᠢ ᠴᠦ | ᠡᠪᠡᠳᠴᠢᠨ ᠢᠶᠠᠷ ᠨᠠᠰᠤ ᠪᠠᠷᠠᠵᠤ ᠬᠤᠶᠢᠲᠤ ᠡᠷᠭᠦᠮᠡᠯ ᠠᠪᠦ ᠪᠣᠯᠤᠨ ᠡᠭᠡᠴᠢ ᠲᠠᠢ ᠪᠠᠨ ᠭᠤᠷᠪᠠᠭᠤᠯᠠ ᠦᠯᠡᠳᠡᠵᠤ ᠠᠮᠢ | ᠬᠤᠯᠪᠣᠨ ᠠᠮᠢᠳᠤᠷᠠᠪᠠ᠃ ᠬᠤᠶᠢᠲᠤ ᠡᠷᠭᠦᠮᠡᠯ ᠠᠪᠦ ᠨᠢ ᠲᠡᠭᠦᠨ ᠢ ᠥᠪᠡᠷ ᠤᠨ ᠬᠡᠦᠬᠡᠳ ᠮᠡᠲᠦ ᠦᠵᠡᠵᠦ᠂ ᠬᠥᠮᠦᠨ | ᠤ ᠵᠡᠷᠭᠡ ᠳᠤ ᠬᠦᠷᠭᠡᠵᠡᠢ᠃ ︽ᠠᠪᠤ ᠮᠢᠨᠢ ᠨᠠᠳᠠ ᠳᠤ ᠭᠤᠷᠪᠠᠳᠠᠬᠢ ᠠᠮᠢ ᠨᠠᠰᠤ ᠶᠢ ᠥᠭᠭᠦᠭᠰᠡᠨ᠂ ᠠᠷᠪᠠᠨ | ᠨᠠᠰᠤᠲᠠᠢ ᠪᠠᠶᠢᠬᠤ ᠳᠤ ᠬᠢᠮᠤᠷᠠᠭᠠᠳ ᠶᠡᠭᠡ ᠬᠠᠯᠠᠭᠤᠷᠠᠭᠰᠠᠨ ᠳᠤ ᠠᠪᠤ ᠮᠢᠨᠢ ᠨᠠᠮ᠎ᠠ ᠶᠢ ᠲᠡᠪᠡᠷᠢᠵᠦ ᠬᠤᠰᠢᠭᠤᠨ ᠤ | ᠡᠮᠨᠡᠯᠭᠡ ᠳᠤ ᠬᠦᠷᠭᠡᠭᠰᠡᠨ᠂ ︿ᠬᠤᠷᠢᠨ ᠮᠢᠨᠦ᠋ᠲ ᠣᠷᠦ᠋ᠢᠲᠠᠵᠤ ᠢᠷᠡᠭᠰᠡᠨ ᠪᠤᠯ᠂ ᠡᠨᠡ ᠬᠡᠦᠬᠡᠳ ᠠᠮᠢ ᠨᠠᠰᠤᠨ ᠤ | ᠠᠶᠤᠯ ᠲᠠᠢ﹀ ᠬᠡᠵᠦ ᠪᠠᠶᠢᠭᠰᠠᠨ︾ ᠭᠡᠮᠡᠨ ᠡᠷᠴᠢᠵᠤᠷᠢᠭ ᠨᠠᠰᠤᠳᠠᠨ ᠳᠤᠭᠳᠤᠯᠤᠨ ᠶᠠᠷᠢᠵᠤ ᠪᠠᠶᠢᠯ᠎ᠠ᠃ | | ᠬᠤᠶᠠᠷ ᠬᠡᠦᠬᠡᠳ ᠨᠢ ᠦᠰᠴᠦ᠂ ᠡᠷᠴᠢᠵᠣᠷᠢᠭ ᠨᠠᠰᠤᠲᠠᠨ ᠦᠪᠡᠷ ᠢᠶᠠᠨ ᠠᠵᠢᠯ ᠤᠨ ᠠᠮᠠᠷᠠᠯᠲᠠ ᠪᠠᠨ ᠠᠪᠤᠭᠰᠠᠨ | ᠠᠴᠠ ᠬᠤᠶᠢᠰᠢ᠂ ᠦᠶ᠎ᠡ ᠶᠢᠨ ᠨᠠᠰᠤᠳᠠᠳ ᠢᠶᠠᠨ ᠳᠠᠭᠠᠭᠤᠯᠤᠨ ᠳᠠᠭᠤᠯᠠᠵᠤ ᠪᠦᠵᠢᠭᠯᠡᠨ᠂ ᠬᠠᠶᠠ ᠵᠠᠷᠢᠮ ᠳᠤ ᠪᠠᠨ | ᠤᠷᠠᠨ ᠰᠠᠶᠢᠬᠠᠨ ᠤ ᠳᠤᠭᠯᠠᠯᠳᠠ ᠳᠤ ᠤᠷᠤᠯᠴᠠᠨ᠂ ᠡᠳᠦᠷ ᠰᠠᠷ᠎ᠠ ᠶᠢ ᠤᠳᠬ᠎ᠠ ᠠᠭᠤᠯᠭ᠎ᠠ ᠪᠠᠶᠠᠷ ᠬᠦᠷ ᠢᠶᠠᠷ | ᠲᠦᠭᠦᠷᠡᠩ ᠦᠩᠭᠡᠷᠡᠭᠡᠨ᠎ᠡ᠃ ᠨᠠᠮ ᠲᠦᠷᠦ ᠶᠢᠨ ᠰᠠᠶᠢᠨ ᠪᠤᠳᠤᠯᠭ᠎ᠠ᠂ ᠳᠠᠯ᠎ᠠ ᠨᠤᠳᠤᠭ ᠤᠨ ᠬᠠᠯᠠᠭᠤᠨ ᠰᠡᠳᠬᠢᠯᠳᠦ | ᠠᠪᠤ ᠡᠵᠢ ᠶᠢᠨ ᠠᠴᠢ ᠪᠤᠶᠠᠨ ᠢᠶᠠᠷ ᠦᠨᠦ ᠶᠢᠨ ᠰᠠᠶᠢᠬᠠᠨ ᠠᠮᠢᠳᠤᠷᠠᠯ ᠢ ᠡᠳ᠋ᠯᠡᠵᠦ ᠪᠠᠶᠢᠭ᠎ᠠ ᠳᠤ ᠪᠠᠨ ᠳᠠᠯᠠᠷᠬᠠᠨ ᠡᠨᠡ | ᠤᠳᠠᠭᠠᠨ ᠤ ᠤᠷᠠᠨ ᠰᠠᠶᠢᠬᠠᠨ ᠤ ᠠᠵᠢᠯᠯᠠᠭ᠎ᠠ ᠶᠢ ᠦᠷᠨᠢᠬᠦᠯᠵᠦ᠂ ︽ᠤᠯᠤᠰ ᠤᠨ ᠭᠡᠦᠭᠡᠳ︾ ᠤᠳ ᠢ ᠵᠤᠬᠢᠶᠠᠨ | ᠪᠠᠶᠢᠭᠤᠯᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠠᠮᠵᠢᠯᠲᠠ ᠲᠠᠢ ᠬᠤᠷᠠᠯᠳᠤᠬᠤ ᠶᠢ ᠪᠠᠶᠠᠷᠯᠠᠨ ᠤᠭᠳᠤᠵᠤ | ᠪᠠᠶᠢᠭ᠎ᠠ ᠨᠢ ᠡᠨᠡ ᠪᠢᠯᠡ᠃ | |