︽ᠵᠠᠭᠤᠨ ᠪᠦᠯᠬᠦᠮ ᠮᠢᠩᠭᠠᠨ ᠲᠠᠯᠠᠪᠤᠷ︾ ᠦᠨᠳᠦᠰᠦᠨ ᠱᠠᠲᠤᠨ ᠳᠤ ᠪᠠᠭᠤᠵᠤ ᠳᠤᠭᠯᠠᠯᠳᠠ ᠭᠠᠷᠭᠠᠬᠤ ᠦᠢᠯᠡᠴᠢᠯᠡᠬᠡᠨ ᠤ ᠠᠵᠢᠯᠯᠠᠭ᠎ᠠ ᠵᠢᠩᠭᠢᠨᠢ ᠪᠠᠷ ᠡᠬᠢᠯᠡᠯ᠎ᠡ
ᠨᠡᠶᠢᠲᠡᠯᠡᠭᠰᠡᠨ ᠴᠠᠭ᠄
2022/12/16
    2022 ︱ 2023 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︽ᠵᠠᠭᠤᠨ ᠪᠦᠯᠬᠦᠮ ᠮᠢᠩᠭᠠᠨ ᠲᠠᠯᠠᠪᠤᠷ︾ ᠤᠨ ᠦᠨᠳᠦᠰᠦᠨ ᠱᠠᠲᠤᠨ ᠳᠤ ᠪᠠᠭᠤᠵᠤ ᠲᠣᠭᠯᠠᠯᠲᠠ ᠭᠠᠷᠭᠠᠬᠤ ᠦᠢᠯᠡᠴᠢᠯᠡᠭᠡᠨ ᠤ ᠠᠵᠢᠯᠯᠠᠭ᠎ᠠ ᠤᠶᠢᠷ᠎ᠠ ᠶᠢᠨ ᠡᠳᠦᠷ ᠬᠤᠰᠢᠭᠤ ᠤᠯᠠᠭᠠᠨᠮᠥ᠋ᠴᠢᠷ ᠲᠤ ᠵᠢᠩᠬᠢᠨᠢ ᠪᠠᠷ ᠡᠬᠢᠯᠡᠵᠦ᠂ ᠲᠣᠭᠯᠠᠯᠲᠠ ᠶᠢᠨ ᠬᠥᠰᠢᠭᠡ ᠪᠠᠨ ᠰᠡᠭᠦᠯ᠎ᠡ᠃    ᠬᠤᠰᠢᠭᠤ ᠤᠯᠠᠭᠠᠨᠮᠥ᠋ᠴᠢᠷ ᠤᠨ ᠭᠡᠰᠢᠭᠦᠳ ᠬᠤᠶᠠᠷ ᠰᠠᠯᠪᠤᠷᠢ ᠪᠠᠭ᠎ᠠ ᠠᠩᠭᠢ ᠬᠤᠪᠢᠶᠠᠨ ᠨᠡᠶᠢᠭᠡᠮ ᠲᠣᠭᠤᠷᠢᠭ᠂ ᠰᠠᠯᠠᠭ᠎ᠠ ᠮᠥᠴᠢᠷ ᠨᠢᠭᠡᠴᠡ ᠳᠤ ᠭᠦᠨᠵᠡᠭᠡᠶᠢᠷᠡᠨ ᠠᠩᠬᠠᠳᠠᠭᠴᠢ ᠲᠠᠯᠠᠪᠤᠷ ᠦᠨᠳᠦᠰᠦᠨ ᠱᠠᠲᠤᠨ ᠳᠤ ᠪᠠᠭᠤᠵᠤ ᠲᠣᠭᠯᠠᠯᠲᠠ ᠭᠠᠷᠭᠠᠬᠤ ᠦᠢᠯᠡᠴᠢᠯᠡᠭᠡᠨ ᠤ ᠠᠵᠢᠯᠯᠠᠭ᠎ᠠ ᠪᠠᠨ ᠥᠷᠨᠢᠭᠦᠯᠵᠦ᠂ ᠥᠷᠭᠡᠨ ᠣᠯᠠᠨ ᠲᠦᠮᠡᠨ ᠪᠠ ᠺᠠᠳ᠋ᠷ ᠠᠵᠢᠯᠲᠠᠳ ᠲᠤ ᠤᠷᠠᠯᠢᠭ ᠰᠣᠶᠣᠯ ᠤᠨ  ᠪᠠᠶᠠᠷ ᠪᠠᠶᠠᠰᠤᠯ  ᠡᠳ᠋ᠯᠡᠬᠦᠯᠦᠯ᠎ᠡ᠃
   ᠰᠠᠶᠢᠬᠠᠨᠲᠠᠯ᠎ᠠ ᠪᠠᠯᠭᠠᠰᠤᠨ ᠤ ᠰᠠᠢ ᠪᠧᠢ ᠴᠧᠩ ᠨᠡᠶᠢᠭᠡᠮ ᠲᠣᠭᠤᠷᠢᠭ ᠤᠨ ᠬᠠᠶᠢᠷ᠎ᠠ ᠬᠠᠯᠠᠮᠵᠢ ᠶᠢᠨ ᠥᠷᠲᠡᠭᠡᠨ ᠳᠤ ᠤᠯᠠᠭᠠᠨᠮᠥ᠋ᠴᠢᠷ ᠤᠨ ᠭᠡᠰᠢᠭᠦᠳ ᠨᠡᠶᠢᠭᠡᠮ ᠲᠣᠭᠤᠷᠢᠭ ᠤᠨ ᠰᠠᠭᠤᠭᠠᠯᠢ ᠠᠷᠠᠳ᠂ ᠠᠬᠠᠮᠠᠳ ᠨᠠᠮ ᠤᠨ ᠭᠡᠰᠢᠭᠦᠳ ᠲᠤ  ᠤᠷᠠᠨ ᠰᠠᠶᠢᠬᠠᠨ ᠤ ᠲᠣᠭᠯᠠᠯᠲᠠ ᠪᠠᠨ ᠡᠷᠭᠦᠨ ᠪᠠᠷᠢᠵᠤ᠂  ︽ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ︾ ᠭᠡᠬᠦ ᠳᠠᠭᠤᠤ ᠪᠠᠷ ᠠᠵᠢᠯᠯᠠᠭᠠᠨ ᠤ ᠬᠦᠰᠢᠬᠡ ᠶᠢ ᠰᠡᠬᠦᠨ᠂ ᠮᠣᠷᠢᠨ ᠬᠤᠭᠤᠷ ᠤᠨ ᠭᠤᠴᠣᠯᠠᠯ᠂ ᠯᠢᠮᠪᠦ ᠶᠢᠨ ᠭᠤᠴᠣᠯᠠᠯ ᠬᠥᠭᠵᠢᠮ ᠬᠤᠶᠢᠨ᠎ᠠ ᠬᠤᠶᠢᠨ᠎ᠠ ᠠᠴᠠ ᠪᠠᠨ ᠤᠶᠠᠩᠭᠠᠷᠠᠨ᠂ ︽ᠮᠠᠯᠴᠢᠨ ᠠᠷᠠᠳ ᠨᠠᠮ ᠢᠶᠠᠨ ᠳᠠᠭᠤᠯᠠᠨ᠎ᠠ︾ ᠬᠡᠬᠦ ᠳᠠᠭᠤᠤ ᠨᠢ ᠲᠣᠭᠯᠠᠯᠲᠠ ᠶᠢ ᠤᠷᠬᠢᠯ ᠳᠤᠨᠢ ᠬᠦᠷᠭᠡᠵᠦ᠂ ᠦᠨᠳᠦᠰᠦᠨ ᠱᠠᠲᠤᠨ ᠤ ᠤᠯᠠᠨ ᠲᠦᠮᠡᠨ ᠤ ᠤᠶᠤᠨ ᠰᠠᠨᠠᠭ᠎ᠠ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ ᠰᠢᠨ᠎ᠡ ᠴᠠᠭ ᠦᠶ᠎ᠡ ᠶᠢᠨ ᠭᠤᠣᠯ ᠬᠦᠭ ᠠᠶᠠᠰ ᠢ ᠬᠠᠩᠭᠢᠨᠠᠭᠤᠯᠵᠤ᠂ ᠠᠬᠤᠢ ᠲᠠᠯᠠᠪᠠᠢ ᠳᠤ ᠬᠦᠷ ᠪᠠᠶᠠᠷᠳᠤ ᠠᠭᠤᠷ ᠠᠮᠢᠰᠬᠤᠯ ᠢᠶᠠᠷ ᠪᠢᠯᠬᠠᠨ᠎ᠠ᠃
   ᠰᠤᠷᠪᠤᠯᠵᠢᠯᠠᠭ᠎ᠠ᠄ ᠰᠠᠭᠤᠭᠠᠯᠢ ᠠᠷᠠᠳ ᠹᠧᠩ ᠢᠦᠢ ᠯᠢᠶᠠᠨ  ︵ᠤᠯᠠᠭᠠᠨᠮᠥ᠋ᠴᠢᠷ ᠤᠨ ᠭᠡᠰᠢᠭᠦᠳ ᠶᠠᠭᠠᠷᠠᠯᠲᠠᠢ ᠠᠵᠢᠯ ᠤᠨ ᠳᠤᠮᠳᠠ ᠪᠠᠨ ᠮᠠᠨ ᠳᠤ ᠬᠠᠶᠢᠷ᠎ᠠ ᠬᠠᠯᠠᠮᠵᠢ ᠬᠦᠷᠭᠡᠭᠰᠡᠨ ᠤ ᠬᠠᠮᠲᠤ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠵᠠᠢ᠃ ᠶᠡᠭᠡ ᠬᠤᠷᠠᠯ ᠤᠨ ᠵᠣᠷᠢᠭ ᠰᠠᠨᠠᠭᠠᠨ ᠤ ᠵᠣᠷᠢᠭᠵᠢᠭᠤᠯᠤᠯ ᠳᠣᠣᠷ᠎ᠠ᠂ ᠮᠠᠨ ᠤ ᠠᠷᠠᠳ ᠲᠦᠮᠡᠨ ᠨᠡᠩ ᠢᠯᠡᠭᠦᠦ ᠠᠮᠤᠷ ᠲᠦᠪᠰᠢᠨ ᠲᠥᠷᠥᠭᠳᠡᠯ ᠪᠠ ᠵᠣᠯ ᠵᠢᠷᠭᠠᠯᠲᠤ ᠲᠥᠷᠥᠭᠳᠡᠯ ᠲᠠᠢ ᠪᠤᠯᠤᠯ᠎ᠠ᠂ ᠲᠡᠳᠡᠨ ᠳᠤ ᠣᠨᠴᠠᠭᠠᠶᠢᠯᠠᠨ ᠲᠠᠯᠠᠷᠬᠠᠵᠤ ᠪᠠᠶᠢᠨ᠎ᠠ᠃︶   ᠬᠤᠰᠢᠭᠤ ᠭᠠᠯ ᠤᠨᠲᠠᠷᠠᠭᠠᠬᠤ ᠠᠪᠤᠷᠠᠨ ᠲᠤᠰᠠᠯᠠᠬᠤ ᠶᠡᠭᠡ ᠠᠩᠭᠢ ᠳᠤ᠂ ᠤᠯᠠᠭᠠᠨᠮᠥ᠋ᠴᠢᠷ ᠤᠨ ᠰᠠᠯᠪᠤᠷᠢ ᠪᠠᠭ᠎ᠠ ᠠᠩᠭᠢ ᠶᠢᠨ ᠬᠢᠨ ᠵᠢᠯᠣᠭᠤᠳᠤᠭᠴᠢ ᠪᠠᠶᠢᠯᠳᠤᠭᠴᠢᠳ ᠲᠤ ᠬᠦᠮᠡᠢ ᠶᠢᠨ ᠡᠭᠡᠰᠢᠭ᠂  ᠭᠤᠷᠪᠠᠯᠠᠯ ᠪᠥᠵᠢᠭ᠂ ᠤᠷᠳᠤ ᠶᠢᠨ ᠳᠠᠭᠤᠤ ᠵᠡᠷᠭᠡ ᠤᠯᠠᠨ ᠰᠠᠶᠢᠬᠠᠨ ᠳᠤᠭᠯᠠᠯᠳᠠ ᠪᠠᠨ ᠡᠷᠭᠦᠨ ᠳᠡᠪᠰᠢᠬᠦᠯᠵᠦ᠂ ᠵᠢᠯᠣᠭᠤᠳᠤᠭᠴᠢ ᠪᠠᠶᠢᠯᠳᠤᠭᠴᠢᠳ ᠤᠨ ᠠᠵᠢᠯ ᠤᠨ ᠴᠢᠯᠡᠭᠡ ᠶᠢ ᠳᠠᠶᠢᠯᠠᠨ᠂ ᠮᠠᠭᠳᠠᠭᠠᠯ ᠬᠦᠷᠢᠶᠡᠯᠡᠯ ᠢ ᠤᠯᠤᠯ᠎ᠠ᠃ ᠭᠠᠯ ᠤᠨᠳᠠᠷᠠᠭᠠᠬᠤ ᠠᠪᠤᠷᠠᠨ ᠳᠤᠰᠠᠯᠠᠬᠤ ᠠᠩᠭᠢ ᠶᠢᠨ ᠵᠢᠯᠤᠭᠤᠳᠤᠭᠴᠢ ᠪᠠᠶᠢᠯᠳᠤᠭᠴᠢᠳ ᠲᠤ ᠰᠣᠶᠣᠯ ᠤᠷᠠᠯᠢᠭ ᠤᠨ ᠷᠢᠳᠢ ᠰᠢᠳᠢ ᠶᠢ ᠤᠶᠢᠯᠠᠭᠠᠭᠤᠯᠬᠤ ᠶᠢᠨ ᠬᠠᠮᠲᠤ ᠪᠠᠰᠠ ᠨᠠᠮ ᠤᠨ ᠬᠤᠷᠢᠳᠤᠭᠠᠷ ᠶᠡᠭᠡ ᠬᠤᠷᠠᠯ ᠤᠨ ᠤᠶᠤᠨ ᠰᠠᠨᠠᠭᠠᠨ ᠤ ᠬᠦᠴᠦᠨ ᠵᠤᠷᠢᠭ ᠦᠭᠴᠦ᠂ ᠵᠢᠯᠣᠭᠤᠳᠤᠭᠴᠢ ᠪᠠᠶᠢᠯᠳᠤᠭᠴᠢᠳ ᠪᠠᠰᠠ ᠲᠤᠰᠬᠠᠢ ᠮᠡᠷᠭᠡᠵᠢᠯ ᠤᠨ ᠤᠷ᠎ᠠ ᠴᠢᠳᠠᠪᠤᠷᠢ ᠪᠠᠨ ᠳᠡᠯᠭᠡᠨ ᠦᠵᠡᠭᠦᠯᠵᠦ᠂ ᠤᠯᠠᠭᠠᠨᠮᠥ᠋ᠴᠢᠷ ᠤᠨ ᠭᠡᠰᠢᠭᠦᠳ ᠲᠠᠢ ᠰᠠᠨᠠᠯ ᠰᠣᠯᠢᠯᠴᠠᠪᠠ᠃
  ᠤᠶᠢᠯᠠᠭᠠᠭᠰᠠᠨ ᠢᠶᠠᠷ᠂ ᠢᠷᠡᠬᠦ ᠭᠤᠷᠪᠠᠨ ᠰᠠᠷ᠎ᠠ ᠶᠢᠨ ᠳᠣᠲᠣᠷ᠎ᠠ ᠬᠤᠰᠢᠭᠤ ᠤᠯᠠᠭᠠᠨᠮᠥ᠋ᠴᠢᠷ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠶᠢ ᠤᠶᠠᠯᠳᠤᠭᠤᠯᠬᠤ ᠠᠷᠭ᠎ᠠ ᠮᠠᠶ᠋ᠢᠭ ᠢᠶᠠᠷ 20 ᠲᠠᠯᠠᠪᠠᠶ ᠠᠴᠠ ᠳᠡᠭᠡᠭᠰᠢ ᠲᠣᠭᠯᠠᠯᠲᠠ ᠤᠬᠠᠭᠤᠯᠭ᠎ᠠ ᠶᠢᠨ ᠠᠵᠢᠯᠯᠠᠭ᠎ᠠ ᠦᠷᠨᠢᠬᠦᠯᠬᠦ ᠪᠤᠯᠤᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号