ᠬᠤᠰᠢᠭᠤ ᠠᠷᠠᠳ ᠤᠨ ᠰᠢᠭᠦᠬᠦ ᠬᠤᠷᠢᠶ᠎ᠠ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠠᠵᠢᠯ ᠤᠨ ᠪᠤᠳᠠᠳᠤ ᠪᠠᠶᠢᠳᠠᠯ ᠳᠤ ᠪᠠᠨ ᠠᠭᠤᠰᠬᠠᠨ ᠨᠠᠶᠢᠳᠠᠪᠤᠷᠢᠵᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2022/11/1
 ᠬᠤᠰᠢᠭᠤ ᠠᠷᠠᠳ ᠤᠨ ᠰᠢᠭᠦᠬᠦ ᠬᠤᠷᠢᠶ᠎ᠠ ᠨᠠᠮ ᠤᠨ ᠬᠤᠷᠢᠳᠤᠭᠠᠷ ᠶᠡᠭᠡ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠳᠤᠤᠱᠯᠠᠭᠤᠯᠵᠤ ᠠᠵᠢᠯ ᠤᠨ ᠪᠤᠳᠠᠳᠠᠢ ᠲᠠᠢ ᠪᠠᠨ ᠤᠶᠠᠯᠳᠤᠭᠤᠯᠤᠨ᠂ ᠦᠷᠬᠦᠯᠵᠢᠯᠡᠨ ᠠᠷᠠᠳ ᠲᠤ ᠠᠰᠢᠭ ᠬᠦᠷᠲᠡᠭᠡᠬᠦ ᠪᠠᠷ ᠵᠤᠷᠢᠯᠲᠠ ᠪᠠᠨ ᠪᠤᠯᠭᠠᠨ᠂ ᠡᠭᠦᠷᠭᠡ ᠬᠠᠷᠢᠭᠤᠴᠠᠯᠭ᠎ᠠ ᠪᠠᠨ ᠴᠢᠩᠭᠠᠳᠬᠠᠨ᠂ ᠲᠤᠰᠢᠶᠠᠯ ᠬᠠᠷᠢᠭᠤᠴᠠᠯᠭ᠎ᠠ ᠪᠠᠨ ᠬᠠᠤᠯᠢ ᠶᠣᠰᠣᠭᠠᠷ ᠬᠦᠢᠴᠡᠳᠭᠡᠵᠦ᠂ ᠬᠠᠤᠯᠢ ᠴᠠᠭᠠᠵᠠ ᠶᠢᠨ ᠡᠷᠬᠡ ᠰᠦᠷ ᠢ ᠪᠤᠢ ᠪᠤᠯᠭᠠᠨ᠂ ᠪᠦᠬᠦ ᠬᠤᠰᠢᠭᠤᠨ ᠤ ᠨᠡᠶᠢᠭᠡᠮ ᠤᠨ ᠲᠣᠭᠲᠠᠭᠤᠨ᠂ ᠠᠵᠤ ᠠᠬᠤᠢ ᠶᠢᠨ ᠬᠥᠭᠵᠢᠯᠲᠡ ᠪᠠ ᠠᠷᠠᠳ ᠤᠯᠠᠨ ᠤ ᠠᠮᠤᠷ ᠵᠢᠮᠦᠷ ᠠᠮᠢᠳᠤᠷᠠᠯ ᠳᠤ ᠬᠠᠤᠯᠢ ᠴᠠᠭᠠᠵᠠ ᠶᠢᠨ ᠪᠠᠲᠤᠯᠠᠭ᠎ᠠ ᠬᠠᠩᠭᠠᠵᠤ ᠪᠤᠢ᠃
 ᠥᠷᠯᠥᠭᠡ ᠡᠷᠳᠡ᠂ ᠲᠠᠷᠢᠶᠠᠯᠠᠩ ᠤᠨ ᠪᠠᠩᠬᠢ ᠶᠢᠨ ᠬᠠᠮᠢᠶ᠎ᠠ ᠪᠥᠬᠦᠶ ᠬᠠᠷᠢᠭᠤᠴᠠᠯᠭᠠᠲᠠᠨ ᠬᠤᠰᠢᠭᠤ ᠠᠷᠠᠳ ᠤᠨ ᠰᠢᠭᠦᠬᠦ ᠬᠤᠷᠢᠶᠠᠨ ᠤ ᠵᠠᠷᠭᠤ ᠶᠢᠨ ᠦᠶᠯᠡᠴᠢᠯᠡᠭᠡᠨ ᠤ ᠲᠥᠪ ᠤᠨ ᠴᠤᠩᠬᠤᠪᠴᠢ ᠳᠤ ᠬᠦᠷᠴᠦ ᠬᠡᠷᠡᠭ ᠳᠠᠩᠰᠠᠯᠠᠭᠤᠯᠤᠯ᠎ᠠ᠃ ᠣᠶᠢᠯᠠᠭᠠᠭᠰᠠᠨ ᠢᠶᠠᠷ᠂ ᠲᠣᠰ ᠴᠤᠩᠬᠤᠪᠴᠢ ᠨᠢ ᠠᠵᠤ ᠠᠬᠤᠶᠢᠯᠠᠯ ᠳᠤ ᠬᠤᠯᠪᠣᠭᠳᠠᠭᠰᠠᠨ ᠬᠡᠷᠡᠭ ᠢ ᠰᠢᠶᠳᠪᠦᠷᠢᠯᠡᠬᠦ ᠶᠠᠪᠤᠴᠠ ᠳᠤ ︽ᠤᠷᠢᠳ ᠢᠶᠠᠷ ᠬᠡᠷᠡᠭ ᠪᠣᠯᠭᠠᠨ ᠳᠠᠩᠰᠠᠯᠠᠬᠤ᠂ ᠤᠷᠢᠳ ᠢᠶᠠᠷ ᠬᠦᠷᠭᠡᠬᠦ᠂ ᠤᠷᠢᠳ ᠢᠶᠠᠷ ᠡᠶᠡᠳᠡᠭᠦᠯᠬᠦ᠂ ᠤᠷᠢᠳ ᠢᠶᠠᠷ ᠰᠢᠭᠦᠬᠦ᠂ ᠤᠷᠢᠳ ᠢᠶᠠᠷ ᠭᠦᠶᠴᠡᠳᠬᠡᠬᠦ︾ ᠬᠡᠬᠦ ᠮᠡᠳᠦᠴᠢᠯᠡᠨ ︽ᠲᠠᠪᠤ ᠶᠢ ᠤᠷᠢᠳ ᠢᠶᠠᠷ ᠪᠣᠳᠣᠯᠬᠢᠯᠠᠬᠤ︾ ᠰᠠᠭᠠᠳ ᠥᠬᠡᠶ ᠨᠡᠪᠲᠡᠷᠡᠬᠦ ᠵᠠᠮ ᠢ ᠨᠡᠭᠡᠭᠡᠨ᠂ ᠠᠵᠤ ᠠᠬᠤᠶᠢᠯᠠᠯ ᠳᠤ ᠬᠤᠯᠪᠣᠭᠳᠠᠭᠰᠠᠨ ᠬᠡᠷᠡᠭ ᠢ ᠰᠢᠢᠳᠪᠦᠷᠢᠯᠡᠬᠦ ᠬᠤᠷᠳᠤᠴᠠ ᠶᠢ ᠲᠦᠷᠭᠡᠳᠬᠡᠭᠰᠡᠨ ᠤ ᠬᠠᠮᠳᠤ᠂ ᠰᠦᠯᠵᠢᠶᠡᠨ ᠳᠡᠭᠡᠷ᠎ᠡ ᠵᠠᠷᠭᠤᠯᠳᠤᠬᠤ᠂ ᠰᠦᠯᠵᠢᠶᠡᠨ ᠳᠡᠭᠡᠷ᠎ᠡ ᠬᠡᠷᠡᠭ ᠪᠣᠯᠭᠠᠨ ᠳᠠᠩᠰᠠᠯᠠᠬᠤ ᠶᠢ ᠢᠳᠡᠪᠬᠢᠲᠡᠢ ᠬᠡᠷᠡᠭᠵᠢᠭᠦᠯᠵᠦ᠂ ᠰᠦᠯᠵᠢᠶᠡᠨ ᠭᠠᠳᠠᠨᠠᠬᠢ ᠪᠠ ᠰᠦᠯᠵᠢᠶᠡᠨ ᠳᠡᠭᠡᠷᠡᠬᠢ ᠵᠠᠷᠭᠤ ᠶᠢᠨ ᠦᠢᠯᠡᠴᠢᠯᠡᠭᠡ ᠶᠢ ᠤᠶᠠᠯᠳᠤᠭᠤᠯᠬᠤ ᠪᠠᠷ ᠳᠠᠮᠵᠢᠨ᠂ ᠵᠠᠷᠭᠤ ᠶᠢᠨ ᠦᠢᠯᠡᠴᠢᠯᠡᠭᠡᠨ ᠤ ᠣᠶᠢᠯᠠᠭᠠᠭᠳᠠᠬᠤᠨ ᠤ ᠰᠢᠨᠡᠴᠢᠯᠡᠯᠲᠡ ᠶᠢ ᠪᠦᠬᠦ ᠬᠦᠴᠦᠨ ᠢᠶᠠᠷ ᠢᠶᠠᠨ ᠠᠬᠢᠭᠤᠯᠵᠤ᠂ ᠨᠢᠭᠡ ᠦᠷᠳᠡᠭᠡ ᠮᠠᠶ᠋ᠢᠭ ᠤᠨ ᠦᠢᠯᠡᠴᠢᠯᠡᠭᠡᠨ ᠤ ᠲᠠᠪᠴᠠᠩ ᠢ ᠪᠠᠶᠢᠭᠤᠯᠵᠤ᠂ ᠤᠯᠠᠨ ᠲᠦᠮᠡᠨ ᠳᠤ ᠳᠥᠭᠦᠮ ᠳᠥᠲᠡ ᠲᠦᠷᠭᠡᠨ ᠵᠠᠷᠭᠤ ᠶᠢᠨ ᠦᠢᠯᠡᠴᠢᠯᠡᠭᠡ ᠬᠠᠩᠭᠠᠵᠠᠢ᠃  ᠰᠤᠷᠪᠤᠯᠵᠢᠯᠠᠭ᠎ᠠ᠄ ᠲᠠᠷᠢᠶᠠᠯᠠᠩ ᠤᠨ ᠪᠠᠩᠬᠢ ᠶᠢᠨ ᠳᠡᠳ᠋ ᠳᠠᠷᠤᠭ᠎ᠠ ᠶᠢᠨ ᠰᠢᠶᠠᠩ ᠰᠢᠩ ︵ᠬᠠᠮᠤᠭ ᠤᠨ ᠭᠦᠨ ᠲᠥᠷᠥᠭᠳᠡᠯ ᠲᠠᠢ ᠨᠢ ᠬᠤᠰᠢᠭᠤ ᠰᠢᠭᠦᠬᠦ ᠬᠤᠷᠢᠶᠠᠨ ᠤ ᠵᠠᠷᠭᠤ ᠶᠢ ᠬᠡᠷᠡᠭ ᠪᠣᠯᠭᠠᠨ ᠳᠠᠩᠰᠠᠯᠠᠭᠰᠠᠨ ᠨᠢ ᠣᠨᠴᠠ ᠲᠦᠷᠭᠡᠨ᠂ ᠬᠤᠶᠠᠳᠤᠭᠠᠷ ᠨᠢ ᠰᠢᠭᠦᠨ ᠲᠠᠰᠤᠯᠤᠭᠰᠠᠨ ᠨᠢ ᠴᠦ ᠣᠨᠴᠠ ᠲᠦᠷᠭᠡᠨ᠂ ᠭᠤᠷᠪᠠᠳᠤᠭᠠᠷ ᠨᠢ ᠭᠦᠶᠴᠡᠳᠬᠡᠬᠦ  ᠨᠢ ᠴᠦ ᠣᠨᠴᠠ ᠲᠦᠷᠭᠡᠨ᠂ ᠰᠢᠭᠦᠬᠦ ᠬᠤᠷᠢᠶᠠᠨ ᠤ ᠰᠠᠭᠠᠳ ᠥᠬᠡᠶ ᠨᠡᠪᠲᠡᠷᠡᠬᠦ ᠵᠠᠮ ᠢᠶᠠᠷ ᠳᠡᠮᠵᠢᠨ᠂ ᠪᠢᠳᠡ ᠠᠷᠪᠠᠳᠤᠭᠠᠷ ᠰᠠᠷ᠎ᠠ ᠳᠤ ᠨᠡᠶᠢᠲᠡ 30 ᠭᠠᠷᠤᠶ ᠬᠡᠷᠡᠭ ᠢ ᠬᠡᠷᠡᠭ ᠪᠣᠯᠭᠠᠨ ᠳᠡᠩᠰᠡᠯᠡᠵᠦ᠂ ᠨᠢᠭᠡᠨᠲᠡ ᠪᠦᠬᠦᠨ ᠢ ᠡᠶᠡᠳᠡᠭᠦᠯᠵᠦ ᠳᠠᠭᠤᠰᠬᠠᠭᠰᠠᠨ ᠪᠣᠯᠬᠤᠷ ᠰᠢᠭᠦᠬᠦ ᠬᠤᠷᠢᠶᠠᠨ ᠤ ᠦᠶᠯᠡᠴᠢᠯᠡᠭᠡ ᠳᠤ ᠮᠠᠰᠢ ᠬᠠᠨᠤᠮᠵᠢᠲᠠᠶ ᠪᠠᠶᠢᠨ᠎ᠠ︶  ᠰᠤᠷᠪᠤᠯᠵᠢᠯᠠᠭ᠎ᠠ᠄ ᠬᠤᠰᠢᠭᠤ ᠠᠷᠠᠳ ᠤᠨ ᠰᠢᠭᠦᠬᠦ ᠬᠤᠷᠢᠶ᠎ᠠ ᠶᠢᠨ ᠬᠡᠷᠡᠭ ᠪᠣᠯᠭᠠᠨ ᠳᠠᠩᠰᠠᠯᠠᠬᠤ ᠲᠢᠩᠬᠢᠮ ᠤᠨ ᠳᠠᠷᠤᠭ᠎ᠠ ᠰᠡᠷᠭᠦᠯᠡᠩ ︵ᠮᠠᠨ ᠤ ᠰᠢᠭᠦᠬᠦ ᠬᠤᠷᠢᠶ᠎ᠠ ᠵᠠᠷᠭᠤ ᠶᠢᠨ ᠪᠤᠰᠤ ᠵᠢᠭᠤᠷᠠᠯᠳᠤᠭᠠᠨ ᠢ ᠰᠢᠶᠳᠪᠦᠷᠢᠯᠡᠬᠦ ᠲᠣᠭᠲᠠᠴᠠ  ᠶᠢ ᠲᠡᠷᠢᠭᠦᠨ ᠳᠤ ᠲᠠᠯᠪᠢᠬᠤ ᠶᠢ ᠪᠠᠷᠢᠮᠲᠠᠯᠠᠵᠤ᠂ ᠵᠠᠷᠭᠤ ᠶᠢᠨ ᠨᠡᠮᠡᠭᠳᠡᠯ ᠢ ᠡᠬᠢ ᠡᠭᠦᠰᠦᠯ ᠠᠴᠠ ᠨᠢ ᠪᠠᠭᠠᠰᠬᠠᠵᠤ᠂ ᠵᠠᠷᠭᠤ ᠶᠢᠨ ᠡᠬᠢ ᠰᠤᠷᠪᠤᠯᠵᠢ ᠶᠢ ᠵᠠᠰᠠᠭᠰᠠᠨ ᠦᠷ᠎ᠡ ᠪᠦᠲᠦᠮᠵᠢ ᠢᠯᠡᠳᠲᠡ ᠪᠤᠯᠤᠭᠰᠠᠨ᠃ ᠮᠠᠨ ᠤ ᠰᠢᠭᠦᠬᠦ ᠬᠤᠷᠢᠶᠠᠨ ᠤ ᠬᠡᠷᠡᠭ ᠪᠣᠯᠭᠠᠨ ᠳᠠᠩᠰᠠᠯᠠᠬᠤ ᠲᠢᠩᠬᠢᠮ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠪᠠᠷ ᠲᠠᠷᠢᠬᠢ ᠲᠣᠯᠣᠭᠠᠶ ᠪᠠᠨ ᠵᠡᠪᠰᠡᠭᠯᠡᠵᠦ᠂ ᠦᠶᠯᠡᠳᠦᠯᠭᠡ ᠪᠠᠨ ᠵᠢᠯᠣᠭᠤᠳᠣᠭᠤᠯᠬᠤ ᠶᠢ ᠪᠠᠷᠢᠮᠲᠠᠯᠠᠵᠤ᠂ ᠰᠢᠨ᠎ᠡ ᠴᠠᠭ ᠦᠶ᠎ᠡ ᠶᠢᠨ ︽ᠹᠧᠩ ᠴᠢᠶᠣᠤ ᠶᠢᠨ ᠲᠤᠷᠰᠢᠯᠭ᠎ᠠ︾ ᠶᠢ ᠪᠠᠷᠢᠮᠲᠠᠯᠠᠨ ᠬᠥᠭᠵᠢᠭᠦᠯᠵᠦ᠂ ᠵᠢᠭᠤᠷᠠᠯᠳᠤᠭᠠᠨ ᠢ ᠰᠢᠶᠳᠪᠦᠷᠢᠯᠡᠬᠦ ᠪᠠ ᠵᠠᠷᠭᠤ ᠶᠢᠨ ᠦᠶᠯᠡᠴᠢᠯᠡᠭᠡᠨ ᠤ ᠨᠢᠭᠡ ᠥᠷᠲᠡᠭᠡ ᠮᠠᠶ᠋ᠢᠭ ᠤᠨ ᠣᠯᠠᠨ ᠡᠰᠢᠵᠢᠭᠰᠡᠨ ᠰᠢᠰᠲ᠋ᠧᠮ ᠤᠨ ᠪᠠᠶᠢᠭᠤᠯᠤᠯᠲᠠ ᠶᠢ ᠦᠨᠳᠦᠰᠦᠨ ᠱᠠᠲᠤ᠂ ᠨᠡᠶᠢᠭᠡᠮ ᠨᠡᠶᠢᠲᠡ᠂ ᠰᠦᠯᠵᠢᠶᠡᠨ ᠳᠡᠭᠡᠷ᠎ᠡ᠂ ᠭᠤᠤᠯᠳᠠᠯᠭ᠎ᠠ ᠲᠠᠢ ᠠᠵᠢᠯ ᠲᠥᠷᠥᠯ ᠤᠨ ᠬᠦᠷᠢᠶ᠎ᠡ ᠲᠡᠶᠢᠰᠢ ᠦᠷᠭᠡᠳᠬᠡᠬᠦ ᠶᠢ ᠠᠬᠢᠭᠤᠯᠵᠤ ᠪᠠᠶᠢᠨ᠎ᠠ︶  ᠬᠤᠰᠢᠭᠤ ᠠᠷᠠᠳ ᠤᠨ ᠰᠢᠭᠦᠬᠦ ᠬᠤᠷᠢᠶ᠎ᠠ ᠬᠡᠷᠡᠭ ᠢ ᠰᠢᠭᠦᠨ ᠰᠢᠶᠳᠪᠦᠷᠢᠯᠡᠬᠦ ᠳᠤᠮᠳᠠ᠂ ᠰᠢᠭᠦᠬᠦ ᠲᠤᠰᠢᠶᠠᠯᠲᠠᠨ ᠬᠡᠷᠡᠭ ᠤᠨ ᠪᠠᠶᠢᠳᠠᠯ ᠢ ᠨᠠᠷᠢᠨ ᠣᠶᠢᠯᠠᠭᠠᠵᠤ᠂ ᠲᠤᠬᠠᠶ ᠶᠢᠨ ᠬᠥᠮᠦᠨ ᠲᠠᠢ ᠬᠦᠯᠢᠴᠡᠩᠭᠦᠶ ᠪᠠᠷ ᠤᠶᠢᠯᠠᠭᠠᠯᠴᠠᠬᠤ ᠶᠢᠨ ᠬᠠᠮᠲᠤ ᠬᠤᠯᠪᠣᠭᠳᠠᠯ ᠪᠥᠬᠦᠶ ᠬᠠᠤᠯᠢ ᠴᠠᠭᠠᠵᠠ ᠶᠢ ᠲᠠᠶᠢᠯᠪᠤᠷᠢᠯᠠᠨ ᠲᠣᠳᠣᠷᠬᠠᠶᠢᠯᠠᠵᠤ᠂ ︽ᠰᠦᠯᠵᠢᠶᠠᠨ ᠤ ᠰᠢᠭᠦᠬᠦ ᠲᠢᠩᠬᠢᠮ︾ ᠢᠶᠠᠷ ᠶᠠᠷᠢᠯᠴᠠᠬᠤ ᠪᠣᠯᠤᠨ᠎ᠠ᠃ ᠲᠤᠬᠠᠢ ᠶᠢᠨ ᠬᠥᠮᠦᠨ ᠤ ᠬᠠᠤᠯᠢ ᠶᠣᠰᠣᠨ ᠤ ᠡᠷᠬᠡ ᠠᠰᠢᠭ ᠢ ᠴᠢᠳᠠᠬᠤ  ᠶᠢᠨ ᠬᠢᠷᠢ ᠪᠠᠷ ᠪᠠᠲᠤᠯᠠᠬᠤ ᠶᠢᠨ ᠲᠥᠯᠥᠭᠡ᠂ ᠠᠷᠠᠳ ᠤᠨ ᠰᠢᠭᠦᠬᠦ ᠬᠤᠷᠢᠶᠠᠨ ᠤ ᠶᠡᠷᠦᠩᠬᠡᠶᠢᠯᠡᠭᠰᠡᠨ ᠰᠢᠭᠦᠨ ᠲᠠᠰᠤᠯᠬᠤ ᠲᠢᠩᠬᠢᠮ ᠨᠢ ᠣᠶᠤᠨᠴᠢ ᠰᠢᠭᠦᠬᠦ ᠬᠤᠷᠢᠶᠠᠨ ᠤ ᠪᠠᠶᠢᠭᠤᠯᠤᠯᠲᠠ ᠶᠢᠨ ᠦᠷ᠎ᠡ ᠪᠦᠲᠦᠭᠡᠯ ᠢ ᠭᠦᠢᠴᠡᠳ ᠬᠡᠷᠡᠭᠯᠡᠵᠦ᠂ ᠲᠤᠬᠠᠢ ᠶᠢᠨ ᠬᠥᠮᠦᠨ ᠤ ᠰᠦᠯᠵᠢᠶᠡᠨ ᠳᠡᠭᠡᠷᠡᠬᠢ ᠠᠷᠭ᠎ᠠ ᠬᠡᠯᠪᠡᠷᠢ ᠪᠠᠷ ᠲᠢᠩᠬᠢᠮ ᠤᠨ ᠰᠢᠭᠦᠯᠲᠡ ᠬᠢᠬᠦ᠂ ᠡᠶᠡᠳᠡᠭᠦᠯᠬᠦ ᠵᠡᠷᠭᠡ ᠵᠠᠷᠭᠤ ᠶᠢᠨ ᠠᠵᠢᠯᠯᠠᠭ᠎ᠠ ᠳᠤ ᠣᠷᠣᠯᠴᠠᠬᠤ ᠶᠢ ᠬᠦᠳᠦᠯᠦᠨ ᠵᠢᠯᠤᠭᠤᠳᠴᠤ᠂ ᠤᠯᠠᠮᠵᠢᠯᠠᠯᠲᠤ ᠮᠠᠶ᠋ᠢᠭ ᠤᠨ ᠬᠡᠷᠡᠭ ᠰᠢᠭᠦᠬᠦ ᠴᠠᠭ ᠬᠤᠭᠤᠴᠠᠭ᠎ᠠ ᠣᠷᠣᠨ ᠵᠠᠢ ᠶᠢᠨ ᠬᠢᠵᠠᠭᠠᠷᠯᠠᠯ ᠪᠣᠯᠤᠨ ᠬᠡᠷᠡᠭ ᠰᠢᠢᠳᠪᠦᠷᠢᠯᠡᠬᠦ ᠵᠠᠭᠪᠤᠷ ᠤᠨ ᠬᠢᠵᠠᠭᠠᠷᠯᠠᠯ ᠢ ᠦᠭᠡᠶᠢᠰᠬᠡᠵᠦ᠂ ᠮᠢᠩᠭᠠᠨ ᠭᠠᠵᠠᠷ ᠠᠯᠤᠰᠯᠠᠵᠤ ᠪᠠᠶᠢᠭ᠎ᠠ ᠲᠤᠬᠠᠢ ᠶᠢᠨ ᠬᠥᠮᠦᠨ ᠢ ᠴᠦ ᠵᠠᠷᠭᠤ ᠳᠤ ᠣᠷᠣᠯᠴᠠᠭᠤᠯᠵᠤ᠂ ᠤᠯᠠᠨ ᠲᠦᠮᠡᠨ ᠤ ᠨᠠᠰᠢ ᠴᠠᠰᠢ ᠤᠯᠠᠨ ᠶᠠᠪᠤᠬᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠰᠢᠯᠳᠠᠭᠠᠨ ᠠᠴᠠ ᠰᠢᠭᠦᠨ ᠲᠠᠰᠤᠯᠬᠤ ᠠᠵᠢᠯ ᠢ ᠲᠠᠰᠤᠯᠳᠠᠭᠤᠯᠬᠤ ᠵᠡᠷᠭᠡ ᠠᠴᠠ ᠪᠦᠲᠦᠮᠵᠢᠳᠡᠢ ᠵᠠᠶᠢᠯᠠᠰᠬᠢᠨ᠂ ᠠᠷᠠᠳ ᠤᠨ ᠲᠥᠯᠥᠭᠡ ᠬᠠᠤᠯᠢ ᠪᠠᠷᠢᠬᠤ ᠶᠢ ᠵᠣᠭᠰᠣᠭᠠᠬᠤ ᠦᠭᠡᠢ ᠪᠠᠶᠢᠬᠤ ᠶᠢ ᠪᠦᠬᠦ ᠬᠦᠴᠦ ᠪᠠᠷ  ᠢᠶᠠᠨ ᠪᠠᠲᠤᠯᠠᠵᠤ᠂ ᠠᠷᠠᠳ ᠤᠯᠠᠨ ᠤ ᠬᠠᠤᠯᠢ ᠴᠠᠭᠠᠵᠠ ᠶᠢᠨ ᠬᠡᠷᠡᠭᠴᠡᠭᠡ ᠶᠢ ᠬᠠᠮᠤᠭ ᠤᠨ ᠶᠡᠭᠡ ᠬᠡᠮᠵᠢᠶ᠎ᠡ ᠪᠠᠷ ᠬᠠᠩᠭᠠᠵᠤ᠂ ᠬᠠᠤᠯᠢ ᠴᠠᠭᠠᠵᠠ ᠶᠢᠨ ᠬᠠᠯᠠᠭᠤᠨ ᠦᠢᠯᠡᠴᠢᠯᠡᠭᠡ ᠪᠠᠷ ᠨᠡᠶᠢᠭᠡᠮ ᠤᠨ ᠡᠶ᠎ᠡ ᠵᠣᠬᠢᠴᠠᠩᠭᠤᠢ ᠲᠣᠭᠲᠠᠭᠤᠨ ᠢ ᠬᠠᠮᠠᠭᠠᠯᠠᠵᠤ ᠪᠠᠶᠢᠨ᠎ᠠ᠃
 ᠰᠤᠷᠪᠤᠯᠵᠢᠯᠠᠭ᠎ᠠ᠄ ᠬᠤᠰᠢᠭᠤ ᠠᠷᠠᠳ ᠤᠨ ᠰᠢᠭᠦᠬᠦ ᠬᠤᠷᠢᠶᠠᠨ ᠤ ᠶᠡᠷᠦᠩᠬᠡᠶᠢᠯᠡᠭᠰᠡᠨ ᠰᠢᠭᠦᠨ ᠲᠠᠰᠤᠯᠬᠤ ᠲᠢᠩᠬᠢᠮ  ᠤᠨ ᠳᠠᠷᠤᠭ᠎ᠠ  ᠸᠠᠩ ᠰᠢᠶᠤᠤ ᠶᠠᠨ ︵ᠨᠠᠮ ᠤᠨ ᠬᠤᠷᠢᠳᠤᠭᠠᠷ ᠶᠡᠭᠡ ᠬᠤᠷᠠᠯ ᠤᠨ ᠢᠯᠡᠳᠬᠡᠯ ᠳᠤ ᠢᠯᠡᠷᠡᠭᠦᠯᠦᠭᠰᠡᠨ ᠰᠢᠨ᠎ᠡ ᠴᠠᠭ ᠦᠶ᠎ᠡ ᠳᠤ᠂ ᠨᠠᠮ ᠤᠨ ᠬᠡᠷᠡᠯ ᠰᠠᠴᠤᠷᠠᠩᠭᠤᠶ ᠠᠮᠵᠢᠯᠲᠠ ᠪᠦᠲᠦᠮᠵᠢ ᠵᠢᠴᠢ ᠢᠷᠡᠭᠡᠳᠦᠶ ᠶᠢᠨ ᠬᠥᠭᠵᠢᠯᠲᠡ ᠶᠢᠨ ᠠᠤᠭ᠎ᠠ ᠲᠥᠰᠦᠪ ᠬᠥᠮᠦᠰ ᠤᠨ ᠰᠡᠳᠬᠢᠯ ᠢ ᠬᠦᠭᠵᠢᠬᠡᠵᠡᠢ᠃ ᠲᠠᠷᠠᠭᠠᠴᠢ ᠶᠢᠨ ᠠᠯᠬᠤᠮ ᠳᠤ᠂ ᠰᠢᠭᠦᠨ ᠲᠠᠰᠤᠯᠬᠤ ᠠᠵᠢᠯ ᠳᠤᠮᠳᠠ᠂ ᠪᠢᠳᠡ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭᠠᠨ ᠤ ᠵᠢᠯᠤᠭᠤᠳᠤᠯᠭ᠎ᠠ ᠪᠠᠷ᠂ ᠮᠣᠩᠭᠤᠯ ᠮᠤᠷᠢᠨ ᠤ ᠵᠣᠷᠢᠭ ᠰᠠᠨᠠᠭ᠎ᠠ ᠶᠢ ᠦᠷᠭᠦᠯᠵᠢᠯᠡᠨ ᠪᠠᠳᠠᠷᠠᠭᠤᠯᠵᠤ᠂ ᠠᠵᠢᠯ ᠤᠨ ᠪᠠᠶᠢᠷᠢᠨ ᠳᠠᠭᠠᠨ ᠰᠠᠭᠤᠷᠢᠯᠠᠵᠤ᠂ ᠲᠥᠪ ᠶᠣᠰᠣ ᠶᠢ ᠪᠠᠷᠢᠮᠲᠠᠯᠠᠨ ᠰᠢᠨ᠎ᠡ ᠶᠢ ᠡᠭᠦᠳᠴᠦ᠂ ᠬᠠᠤᠯᠢ ᠴᠠᠭᠠᠵᠠ ᠶᠢᠨ ᠬᠡᠷᠡᠭ ᠪᠣᠯᠭᠠᠨ ᠠᠴᠠ ᠠᠷᠠᠳ ᠤᠯᠠᠨ ᠳᠤ ᠲᠥᠪ ᠭᠤᠣᠯᠴᠢ ᠰᠢᠳᠤᠷᠭᠤ ᠶᠣᠰᠣ ᠶᠢ ᠮᠡᠳᠡᠷᠡᠭᠦᠯᠵᠦ᠂ ᠪᠣᠳᠠᠲᠤ ᠠᠵᠢᠯᠯᠠᠭ᠎ᠠ ᠪᠠᠷ ᠢᠶᠠᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠢᠭᠦᠬᠦ ᠬᠤᠷᠢᠶᠠᠨ ᠤ ᠠᠵᠢᠯ  ᠤᠨ ᠳᠤᠮᠳᠠ ᠦᠨᠳᠦᠰᠦ ᠬᠠᠳᠬᠤᠭᠤᠯᠤᠨ᠂ ᠴᠡᠴᠡᠭᠯᠡᠨ ᠵᠢᠮᠢᠰᠯᠡᠬᠦ ᠶᠢ ᠠᠬᠢᠭᠤᠯᠬᠤ ᠪᠠᠷ ᠴᠢᠷᠮᠠᠶᠢᠨ᠎ᠠ᠃︶  ᠬᠤᠰᠢᠭᠤ ᠠᠷᠠᠳ ᠤᠨ ᠰᠢᠭᠦᠬᠦ ᠬᠤᠷᠢᠶ᠎ᠠ ᠠᠷᠠᠳ ᠤᠨ ᠲᠥᠯᠥᠭᠡ ᠬᠦᠴᠢᠷ ᠵᠣᠪᠠᠯᠠᠩ ᠢ ᠰᠢᠶᠳᠪᠦᠷᠢᠯᠡᠬᠦ ᠠᠮᠠᠯᠠᠯᠲᠠ ᠂ ᠨᠠᠩ ᠰᠠᠶᠢᠨ ᠦᠶᠯᠡᠴᠢᠯᠡᠭᠡᠨ ᠤ ᠴᠢᠨᠠᠷ ᠴᠢᠨᠰᠠᠭ᠎ᠠ᠂ ᠨᠠᠩ ᠰᠢᠨ᠎ᠡ ᠶᠢ ᠡᠭᠦᠳᠬᠦ ᠦᠶᠯᠡᠴᠢᠯᠡᠭᠡᠨ ᠤ ᠠᠷᠭ᠎ᠠ ᠬᠡᠯᠪᠡᠷᠢ ᠂ ᠨᠠᠩ ᠣᠯᠠᠨ ᠡᠰᠢᠵᠢᠭᠰᠡᠨ ᠵᠢᠭᠤᠷᠠᠯᠳᠤᠭᠠᠨ ᠰᠢᠶᠳᠪᠦᠷᠢᠯᠡᠬᠦ ᠲᠣᠭᠲᠠᠴᠠ ᠶᠢ ᠢᠮᠠᠭᠲᠠ ᠪᠠᠷᠢᠮᠲᠠᠯᠠᠵᠤ᠂ ᠣᠳᠣᠬᠠᠨ ᠪᠣᠯᠲᠠᠯ᠎ᠠ᠂ ᠡᠯ᠎ᠡ ᠲᠥᠷᠥᠯ ᠤᠨ ᠬᠡᠷᠡᠭ ᠢ ᠨᠡᠶᠢᠲᠡ 1440 ᠬᠤᠪᠢ ᠭᠥᠯᠢᠶᠡᠨ ᠠᠪᠴᠤ ᠬᠦᠢᠴᠡᠳᠭᠡᠭᠰᠡᠨ ᠪᠠᠶᠢᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号