| 2021 ᠣᠨ ᠤ 7 ᠰᠠᠷ᠎ᠠ ᠶᠢᠨ 28 ᠤ ᠡᠳᠦᠷ᠂ ᠲᠢᠶᠠᠨ ᠠᠨ ᠮᠧᠨ ᠤ ᠤᠯᠤᠰ ᠤᠨ ᠲᠤᠭ ᠢ ᠬᠠᠮᠠᠭᠠᠯᠠᠬᠤ | ᠠᠩᠭᠢ ᠶᠢᠨ 7 ᠲᠤᠭ ᠬᠠᠮᠠᠭᠠᠯᠠᠭᠴᠢ ᠰᠥᠨᠢᠳ ᠪᠠᠷᠠᠭᠤᠨ ᠬᠤᠰᠢᠭᠤᠨ ᠤ ᠠᠷᠪᠠᠨ ᠳᠥᠷᠪᠡᠳᠦᠭᠡᠷ ᠤᠳᠠᠭᠠᠨ ᠤ | ᠨᠠᠭᠠᠳᠤᠮ ᠤᠨ ᠶᠡᠭᠡ ᠬᠤᠷᠠᠯ ᠳᠤ ᠬᠦᠷᠦᠯᠴᠡᠨ ᠢᠷᠡᠵᠦ᠂ ᠤᠯᠤᠰ ᠤᠨ ᠲᠤᠭ ᠲᠠᠯᠠᠪᠠᠶ ᠳᠤ ᠣᠷᠣᠬᠤ ᠵᠢᠴᠢ ᠲᠤᠭ | ᠮᠠᠨᠳᠤᠭᠤᠯᠬᠤ ᠶᠣᠰᠣᠯᠠᠯ ᠶᠠᠪᠤᠭᠳᠠᠭᠤᠯᠤᠯ᠎ᠠ᠃ | ᠡᠬᠢᠯᠡᠯᠲᠡ ᠶᠢᠨ ᠶᠣᠰᠣᠯᠠᠯ ᠤᠨ ᠠᠬᠤᠢ ᠲᠠᠯᠠᠪᠠᠢ ᠳᠤ᠂ ᠲᠦᠷᠪᠡᠨ ᠵᠦᠭ ᠨᠠᠢᠮᠠᠨ ᠵᠣᠪᠬᠢᠰ ᠠᠴᠠ ᠬᠦᠷᠦᠯᠴᠡᠨ | ᠢᠷᠡᠭᠰᠡᠨ ᠵᠣᠴᠢᠳ ᠪᠠᠶᠠᠷᠯᠠᠨ ᠲᠤᠭᠳᠤᠯᠤᠭᠰᠠᠨ ᠰᠡᠳᠬᠢᠯᠭᠡ ᠪᠠᠷ ᠤᠯᠤᠰ ᠤᠨ ᠲᠤᠭ ᠮᠠᠨᠳᠤᠭᠤᠯᠬᠤ ᠪᠠᠭᠠᠨ᠎ᠠ ᠶᠢᠨ | ᠲᠤᠭᠤᠷᠢᠨ ᠳᠤ ᠴᠤᠭᠯᠠᠷᠠᠵᠤ᠂ ᠲᠥᠪ ᠶᠡᠬᠡᠮᠰᠦᠭ ᠤᠯᠤᠰ ᠤᠨ ᠲᠤᠭ ᠮᠠᠨᠳᠤᠭᠤᠯᠬᠤ ᠶᠣᠰᠣᠯᠠᠯ ᠳᠤ ᠤᠷᠤᠯᠴᠠᠨ᠎ᠠ᠃ | ᠲᠢᠶᠠᠨ ᠠᠨ ᠮᠧᠨ ᠠᠴᠠ ᠢᠷᠡᠭᠰᠡᠨ ᠤᠯᠤᠰ ᠤᠨ ᠲᠤᠭ ᠬᠠᠮᠠᠭᠠᠯᠠᠬᠤ ᠠᠩᠭᠢ ᠶᠢᠨ 7 ᠲᠤᠭ ᠬᠠᠮᠠᠭᠠᠯᠠᠭᠴᠢ ᠣᠮᠤᠭ | ᠲᠡᠭᠦᠯᠳᠡᠷ ᠢᠶᠠᠷ ᠲᠠᠪᠤᠨ ᠣᠳᠣᠲᠤ ᠤᠯᠠᠭᠠᠨ ᠲᠤᠭ ᠢ ᠬᠠᠮᠠᠭᠠᠯᠠᠨ ᠲᠠᠯᠠᠪᠠᠶ ᠳᠤ ᠣᠷᠣᠵᠤ ᠢᠷᠡᠭᠡᠳ ᠢᠳᠡᠷᠡᠭᠦᠨ | ᠠᠯᠬᠤᠭ᠎ᠠ ᠪᠠᠷ ᠲᠤᠭ ᠮᠠᠨᠳᠤᠭᠤᠯᠬᠤ ᠪᠠᠭᠠᠨ᠎ᠠ ᠶᠢᠨ ᠳᠡᠷᠭᠡᠲᠡ ᠬᠦᠷᠴᠦ ᠤᠯᠤᠰ ᠤᠨ ᠲᠤᠭ ᠢᠶᠠᠨ ᠮᠠᠨᠳᠤᠭᠤᠯᠬᠤ ᠳᠤ᠂ | ᠤᠯᠠᠨ ᠢᠶᠠᠷ ᠢᠶᠠᠨ ᠨᠠᠮᠢᠷᠠᠨ ᠮᠠᠨᠳᠤᠬᠤ ᠤᠯᠤᠰ ᠤᠨ ᠲᠤᠭ ᠢᠶᠠᠨ ᠬᠥᠨᠳᠦᠳᠬᠡᠨ ᠰᠢᠷᠲᠡᠨ᠎ᠡ᠃ ᠠᠯᠲᠠᠨ ᠭᠡᠷᠡᠯ | ᠰᠠᠴᠤᠷᠠᠭᠰᠠᠨ ᠲᠠᠪᠤᠨ ᠣᠳᠣᠲᠤ ᠤᠯᠠᠭᠠᠨ ᠲᠤᠭ ᠨᠠᠭᠠᠳᠤᠮ ᠤᠨ ᠶᠡᠭᠡ ᠬᠤᠷᠠᠯ ᠤᠨ ᠬᠥᠰᠢᠭᠡ ᠶᠢ ᠰᠡᠬᠦᠯ᠎ᠡ᠃ | ᠤᠯᠤᠰ ᠤᠨ ᠲᠤᠭ ᠬᠠᠮᠠᠭᠠᠯᠠᠬᠤ ᠠᠩᠭᠢ 1983 ᠣᠨ ᠤ 1 ᠰᠠᠷ᠎ᠠ ᠠᠴᠠ ᠡᠬᠢᠯᠡᠨ ᠲᠢᠶᠠᠨ ᠠᠨ ᠮᠧᠨ ᠲᠠᠯᠠᠪᠠᠶ ᠳᠤ | ᠤᠯᠤᠰ ᠤᠨ ᠲᠤᠭ ᠮᠠᠨᠳᠤᠭᠤᠯᠬᠤ ᠡᠭᠦᠷᠭᠡ ᠶᠢ ᠡᠭᠦᠷᠭᠡᠯᠡᠵᠦ᠂ 30 ᠭᠠᠷᠤᠶ ᠵᠢᠯ ᠤᠨ ᠲᠤᠷᠰᠢ 2.7 ᠲᠦᠮᠡ ᠭᠠᠷᠤᠶ | ᠤᠳᠠᠭ᠎ᠠ ᠤᠯᠤᠰ ᠤᠨ ᠲᠤᠭ ᠢ ᠮᠠᠨᠳᠤᠭᠤᠯᠵᠤ ᠪᠠᠭᠤᠯᠭᠠᠬᠤ ᠡᠭᠦᠷᠭᠡ ᠶᠢ ᠪᠡᠶᠡᠯᠡᠭᠦᠯᠵᠦ᠂ ᠲᠥᠷᠥ ᠶᠢᠨ ᠶᠠᠪᠤᠳᠠᠯ ᠤᠨ | ᠬᠤᠷᠢᠶ᠎ᠠ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠠᠴᠠ ︽ᠤᠯᠤᠰ ᠤᠨ ᠲᠤᠭ ᠤᠨ ᠬᠠᠮᠠᠭᠠᠯᠠᠭᠴᠢ︾ ᠭᠡᠬᠦ | ᠢᠷᠠᠭᠤ ᠠᠯᠳᠠᠷ ᠢ ᠤᠯᠭᠤᠵᠠᠢ ᠃ ᠡᠨᠡ ᠤᠳᠠᠭ᠎ᠠ ᠲᠠᠳᠠ ᠰᠥᠨᠢᠳ ᠤᠨ ᠲᠠᠯ᠎ᠠ ᠨᠤᠲᠤᠭ ᠲᠤ ᠲᠠᠪᠤᠨ ᠣᠳᠣᠲᠤ | ᠤᠯᠠᠭᠠᠨ ᠲᠤᠭ ᠮᠠᠨᠳᠤᠯᠠᠨ ᠨᠠᠮᠢᠷᠠᠭᠤᠯᠤᠭᠰᠠᠨ ᠨᠢ ᠰᠥᠨᠢᠳ ᠪᠠᠷᠠᠭᠤᠨ ᠬᠤᠰᠢᠭᠤᠨ ᠤ ᠡᠯ᠎ᠡ ᠦᠨᠳᠦᠰᠦᠲᠡᠨ ᠤ | ᠠᠷᠠᠳ ᠲᠥᠮᠡᠨ ᠭᠠᠯ ᠤᠯᠠᠭᠠᠨ ᠤᠯᠤᠰ ᠤᠨ ᠲᠤᠭ ᠤᠨ ᠳᠣᠤᠷ᠎ᠠ᠂ ᠬᠦᠴᠦᠨ ᠴᠢᠳᠠᠯ ᠢᠶᠠᠨ ᠨᠢᠭᠲᠠᠷᠠᠭᠤᠯᠤᠨ | ᠲᠠᠰᠤᠷᠠᠯᠲᠠ ᠥᠬᠡᠶ ᠤᠷᠤᠭᠰᠢᠯᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ | ᠪᠠᠲᠤ ᠴᠣᠭᠴᠠᠯᠠᠵᠤ᠂ ᠰᠡᠳᠬᠢᠯ ᠵᠢᠷᠦᠭᠡ ᠪᠠᠨ ᠬᠤᠯᠪᠤᠯᠴᠠᠨ ᠰᠠᠶᠢᠨ ᠰᠠᠶᠢᠬᠠᠨ ᠠᠮᠢᠳᠤᠷᠠᠯ ᠤᠨ ᠲᠥᠯᠥᠭᠡ ᠡᠷᠡᠯᠬᠡᠭᠯᠡᠨ | ᠲᠡᠮᠡᠴᠡᠵᠦ ᠪᠠᠶᠢᠭ᠎ᠠ ᠴᠠᠭ ᠦᠶ᠎ᠡ ᠶᠢᠨ ᠳᠦᠷᠰᠦ ᠪᠠᠶᠢᠳᠠᠯ ᠢ ᠢᠯᠡᠷᠡᠭᠦᠯᠦᠭᠰᠡᠨ ᠪᠠᠶᠢᠨ᠎ᠠ᠃ | | | | | | | | | | |