ᠵᠠᠯᠠᠭᠤ ᠬᠦᠮᠦᠨ ᠤ ᠦᠰᠦ ᠪᠤᠭᠤᠷᠤᠯᠲᠤᠬᠤ ᠨᠢ ᠶᠠᠮᠠᠷ ᠰᠢᠯᠲᠠᠭᠠᠨ ᠠᠴᠠ ᠪᠤᠯᠤᠭᠰᠠᠨ ᠪᠤᠢ︖
ᠨᠡᠶᠢᠲᠡᠯᠡᠭᠰᠡᠨ ᠴᠠᠭ᠄
2021/4/30
   ᠬᠡᠷᠪᠡ ᠲᠠ ᠥᠪᠡᠷ ᠢ ᠪᠠᠨ ᠵᠠᠯᠠᠭᠤ ᠨᠠᠰᠤᠨ ᠳᠤ ᠪᠠᠨ ᠪᠤᠭᠤᠷᠤᠯᠲᠤᠭᠰᠠᠨ ᠴᠣᠷ ᠤᠨ ᠭᠠᠭᠴᠠ ᠬᠦᠮᠦᠨ ᠭᠡᠵᠦ ᠪᠣᠳᠣᠵᠤ ᠪᠠᠶᠢᠪᠠᠯ ᠠᠳᠡᠭᠦᠷᠡᠯ ᠶᠤᠮ᠃ ᠡᠷᠲᠡ ᠪᠤᠭᠤᠷᠤᠯᠲᠤᠬᠤ ᠨᠢ ᠨᠡᠶᠢᠲᠡᠯᠢᠭ ᠵᠦᠢᠯ ᠪᠥᠭᠡᠳ ᠵᠠᠷᠢᠮ ᠲᠣᠬᠢᠶᠠᠯᠳᠤᠯ ᠳᠤ ᠲᠣᠳᠣᠷᠬᠠᠢ ᠨᠢᠭᠡᠨ ᠡᠪᠡᠳᠴᠢᠨ ᠤ ᠰᠢᠨᠵᠢ ᠲᠡᠮᠳᠡᠭ ᠪᠠᠶᠢᠵᠤ ᠮᠡᠳᠡᠨ᠎ᠡ᠃ ᠢᠩᠭᠢᠭᠡᠳ ᠲᠠ ᠪᠦᠬᠦᠨ ᠳᠤ ᠡᠭᠦᠨ ᠤ ᠰᠢᠯᠲᠠᠭᠠᠨ ᠪᠣᠯᠤᠨ ᠬᠡᠷᠬᠢᠨ ᠤᠷᠢᠳᠴᠢᠯᠠᠨ ᠰᠡᠷᠭᠡᠶᠢᠯᠡᠬᠦ ᠲᠠᠯ᠎ᠠ ᠪᠠᠷ ᠵᠦᠪᠯᠡᠯᠭᠡ ᠦᠭᠴᠤ ᠪᠠᠶᠢᠨ᠎ᠠ᠃    ᠨᠢᠭᠡ᠂ ᠲᠠᠨ ᠳᠤ B12 ᠸᠢᠲ᠋ᠠᠮᠢᠨ ᠳᠤᠲᠠᠭᠳᠠᠭᠰᠠᠨ ᠪᠠᠶᠢᠵᠤ ᠮᠡᠳᠡᠨ᠎ᠡ    ᠡᠷᠳᠡᠮᠲᠡᠳ ᠤᠨ ᠦᠵᠡᠬᠦ ᠪᠠᠷ ᠸᠢᠲ᠋ᠠᠮᠢᠨ B12 ᠲᠤᠲᠠᠭᠳᠠᠬᠤ ᠨᠢ ᠡᠷᠲᠡ ᠪᠤᠭᠤᠷᠤᠯ ᠦᠰᠦ ᠡᠭᠦᠰᠬᠦ ᠬᠠᠮᠤᠭ ᠤᠨ ᠲᠦᠭᠡᠮᠡᠯ ᠰᠢᠯᠲᠠᠭᠠᠨ ᠪᠣᠯᠳᠠᠭ ᠪᠠᠶᠢᠨ᠎ᠠ᠃ ᠡᠨᠡ ᠨᠢ ᠮᠥᠨ ᠦᠰᠦ ᠤᠨᠠᠬᠤ ᠰᠢᠯᠲᠠᠭᠠᠨ ᠪᠣᠯᠬᠤ ᠮᠠᠭᠠᠳᠯᠠᠯ ᠲᠠᠢ᠃ ᠡᠭᠦᠨ ᠠᠴᠠ ᠵᠠᠶᠢᠯᠠᠰᠬᠢᠬᠦ ᠶᠢᠨ ᠲᠤᠯᠠᠳᠠ ᠥᠨᠳᠡᠭᠡ᠂ ᠦᠬᠡᠷ ᠤᠨ ᠮᠢᠬ᠎ᠠ᠂ ᠵᠢᠭᠠᠰᠤ ᠵᠡᠷᠭᠡ ᠶᠢ ᠬᠤᠭᠤᠯᠠ ᠬᠦᠨᠡᠰᠦᠨ ᠳᠤ ᠪᠠᠨ ᠵᠠᠪᠠᠯ ᠤᠷᠤᠭᠤᠯᠬᠤ ᠬᠡᠷᠡᠭᠲᠡᠢ᠃ ᠮᠥᠨ ᠲᠠ B12 ᠢ ᠨᠡᠮᠡᠯᠲᠡ ᠲᠡᠵᠢᠭᠡᠯ ᠪᠣᠯᠭᠠᠨ ᠬᠡᠷᠡᠭᠯᠡᠵᠦ ᠪᠣᠯᠤᠨ᠎ᠠ᠃    ᠬᠤᠶᠠᠷ᠂ ᠪᠠᠮᠪᠠᠢ ᠪᠤᠯᠴᠢᠷᠬᠠᠢ ᠶᠢᠨ ᠠᠰᠠᠭᠤᠳᠠᠯ ᠪᠠᠶᠢᠵᠤ ᠮᠡᠳᠡᠨ᠎ᠡ    ᠰᠤᠳᠤᠯᠭᠠᠨ ᠤ ᠳᠠᠭᠠᠤ ᠲᠠᠨ ᠤ ᠪᠠᠮᠪᠠᠢ ᠪᠤᠯᠴᠢᠷᠬᠠᠢ ᠶᠢᠨ ᠠᠰᠠᠭᠤᠳᠠᠯ ᠲᠠᠨ ᠤ ᠦᠰᠦᠨ ᠤ ᠰᠠᠪᠠ ᠶᠢ ᠰᠢᠭᠤᠳ ᠨᠥᠯᠦᠭᠡᠯᠡᠳᠡᠭ ᠪᠠᠶᠢᠨ᠎ᠠ᠃ ᠬᠡᠷᠪᠡ ᠲᠠ ᠵᠠᠯᠠᠭᠤ ᠨᠠᠰᠤᠨ ᠳᠤ ᠪᠠᠨ ᠴᠠᠭᠠᠨ ᠡᠰᠡᠪᠡᠯ ᠬᠡᠪᠡᠷᠡᠭ᠂ ᠲᠣᠰᠣᠯᠢᠭ ᠦᠰᠦ ᠲᠠᠢ ᠪᠣᠯᠤᠭᠰᠠᠨ ᠪᠣᠯ ᠲᠠᠨ ᠤ ᠪᠡᠶ᠎ᠡ ᠶᠢᠨ ᠪᠠᠮᠪᠠᠢ ᠪᠤᠯᠴᠢᠷᠬᠠᠢ ᠶᠢᠨ ᠦᠢᠯᠡ ᠠᠵᠢᠯᠯᠠᠭᠠᠨ ᠳᠤ ᠠᠰᠠᠭᠤᠳᠠᠯ ᠡᠭᠦᠰᠦᠭᠰᠡᠨ ᠪᠠᠶᠢᠵᠤ ᠪᠣᠯᠬᠤ ᠶᠤᠮ᠃    ᠭᠤᠷᠪᠠ᠂ ᠲᠠ ᠡᠷᠡᠭᠦᠯ ᠬᠤᠭᠤᠯᠠ ᠬᠦᠨᠡᠰᠦᠨ ᠠᠴᠠ ᠢᠯᠡᠭᠦᠦ ᠲᠦᠷᠭᠡᠨ ᠬᠤᠭᠤᠯᠠ ᠬᠡᠷᠡᠭᠯᠡᠳᠡᠭ    ᠬᠠᠴᠢᠷᠬᠠᠯᠲᠠᠢ ᠨᠢ ᠡᠷᠡᠭᠦᠯ ᠬᠤᠭᠤᠯᠠᠨ ᠤ ᠳᠢᠭᠯᠢᠮ ᠢ ᠦᠯᠦ ᠲᠣᠭᠤᠮᠰᠠᠷᠯᠠᠬᠤ ᠨᠢ ᠮᠥᠨ ᠡᠨᠡ ᠲᠥᠷᠥᠯ ᠤᠨ ᠠᠰᠠᠭᠤᠳᠠᠯ ᠲᠤᠯᠭᠠᠷᠠᠬᠤ ᠳᠤ ᠬᠦᠷᠭᠡᠳᠡᠭ ᠠᠵᠡᠢ᠃ ᠰᠢᠨᠵᠢᠯᠡᠬᠦ ᠤᠬᠠᠭᠠᠨ ᠤ ᠣᠯᠠᠨ ᠰᠤᠳᠤᠯᠭ᠎ᠠ ᠪᠠᠷ ᠦᠰᠦ ᠪᠤᠭᠤᠷᠤᠯᠲᠤᠬᠤ ᠳᠤ ᠺᠠᠯᠼᠢ᠂ ᠸᠢᠲ᠋ᠠᠮᠢᠨ D-3᠂ ᠵᠡᠰ᠂ ᠴᠠᠶᠢᠷ᠂ ᠲᠡᠮᠦᠷ ᠤᠨ ᠳᠤᠲᠠᠭᠳᠠᠯ ᠨᠥᠯᠦᠭᠡᠯᠡᠳᠡᠭ ᠪᠠᠶᠢᠨ᠎ᠠ    ᠳᠦᠷᠪᠡ᠂ ᠲᠠ ᠬᠢᠯᠪᠠᠷᠬᠠᠨ ᠰᠠᠨᠠᠭ᠎ᠠ ᠵᠣᠪᠠᠵᠤ᠂ ᠰᠡᠳᠬᠢᠯ ᠤᠨ ᠳᠠᠷᠤᠯᠲᠠ ᠠᠪᠳᠠᠭ    ᠮᠥᠨ ᠵᠠᠯᠠᠭᠤ ᠨᠠᠰᠤᠨ ᠳᠤ ᠦᠰᠦ ᠪᠤᠭᠤᠷᠤᠯᠲᠤᠬᠤ᠂ ᠡᠰᠡᠪᠡᠯ ᠦᠰᠤ ᠬᠠᠯᠵᠠᠷᠠᠬᠤ ᠶᠢ ᠰᠡᠳᠬᠢᠯ ᠤᠨ ᠳᠠᠷᠤᠯᠲᠠ ᠲᠠᠢ ᠬᠤᠯᠪᠣᠨ ᠲᠠᠶᠢᠯᠪᠤᠷᠢᠯᠠᠳᠠᠭ᠃ ᠤᠳᠠᠭᠠᠨ ᠬᠤᠭᠤᠴᠠᠭᠠᠨ ᠳᠤ ᠰᠡᠳᠬᠢᠯ ᠤᠨ ᠵᠤᠪᠠᠭᠤᠷᠢ ᠲᠠᠢ᠂ ᠠᠭᠤᠷ ᠪᠤᠬᠢᠨᠢᠳᠤᠯ ᠲᠠᠢ ᠶᠠᠪᠤᠬᠤ ᠨᠢ ᠲᠠᠨ ᠤ ᠦᠰᠦ ᠶᠢ ᠡᠷᠳᠡ ᠪᠤᠭᠤᠷᠤᠯᠳᠤᠭᠤᠯᠳᠠᠭ᠃    ᠲᠠᠪᠤ᠂ ᠤᠳᠤᠮᠰᠢᠯ    ᠲᠠᠨ ᠤ ᠴᠠᠭᠠᠨ ᠦᠰᠦ ᠡᠴᠢᠭᠡ ᠡᠬᠡ᠂ ᠡᠪᠦᠭᠡ ᠡᠮᠡᠭᠡ ᠨᠠᠷ ᠠᠴᠠ ᠪᠠᠨ ᠥᠪᠯᠡᠵᠦ ᠠᠪᠤᠭᠰᠠᠨ ᠤᠳᠤᠮᠰᠢᠯ ᠪᠠᠶᠢᠵᠤ ᠪᠣᠯᠬᠤ ᠶᠤᠮ᠃ ᠠᠷᠠᠰᠤ ᠰᠤᠳᠤᠯᠤᠭᠠᠴᠢᠳ ᠬᠦᠮᠦᠨ ᠲᠥᠷᠥᠯᠬᠢᠲᠡᠨ ᠤ ᠤᠳᠤᠮᠰᠢᠯ ᠨᠢ ᠬᠡᠵᠢᠶ᠎ᠡ ᠦᠰᠦ ᠪᠤᠭᠤᠷᠤᠯᠲᠤᠬᠤ ᠶᠢ ᠲᠣᠳᠣᠷᠬᠠᠶᠢᠯᠠᠳᠠᠭ ᠪᠣᠯᠬᠤ ᠶᠢ ᠪᠠᠲᠤᠯᠠᠭᠰᠠᠨ ᠪᠢᠯᠡ᠃ ᠬᠡᠷᠪᠡ ᠲᠠᠨ ᠤ ᠭᠡᠷ ᠪᠦᠯᠢ ᠶᠢᠨ ᠬᠡᠨ ᠨᠢᠭᠡᠨ ᠡᠷᠲᠡ ᠪᠤᠭᠤᠷᠤᠯ ᠦᠰᠦ ᠲᠠᠢ ᠪᠣᠯᠵᠤ ᠪᠠᠶᠢᠭᠰᠠᠨ ᠪᠣᠯ ᠲᠠᠨ ᠳᠤ ᠡᠭᠦᠨ ᠲᠠᠢ ᠢᠵᠢᠯ ᠵᠦᠢᠯ ᠲᠣᠬᠢᠶᠠᠯᠳᠤᠵᠤ ᠮᠠᠭᠠᠳ ᠦᠭᠡᠢ ᠶᠤᠮ᠃    ᠵᠢᠷᠭᠤᠭ᠎ᠠ᠂ ᠲᠠ ᠬᠢᠮᠢ ᠶᠢᠨ ᠪᠣᠳᠠᠰ᠂ ᠬᠤᠣᠷᠠᠲᠠᠢ ᠪᠤᠳᠤᠭ ᠲᠠᠢ ᠦᠰᠦᠨ ᠤ ᠪᠦᠲᠦᠭᠡᠭᠳᠡᠬᠦᠨ ᠬᠡᠷᠡᠭᠯᠡᠭᠰᠡᠨ ᠠᠴᠠ ᠪᠤᠯᠤᠭᠰᠠᠨ ᠪᠠᠶᠢᠵᠤ ᠮᠡᠳᠡᠨ᠎ᠡ    ᠦᠰᠦ ᠤᠬᠢᠶᠠᠬᠤ ᠡᠳ᠋ ᠠᠴᠠ ᠦᠰᠦᠨ ᠤ ᠪᠤᠳᠤᠭ ᠬᠦᠷᠲᠡᠯ᠎ᠡ ᠶᠡᠬᠡᠩᠬᠢ ᠦᠰᠦᠨ ᠤ ᠪᠦᠲᠦᠭᠡᠭᠳᠡᠬᠦᠨ ᠪᠤᠭᠤᠷᠤᠯ ᠦᠰᠦ ᠲᠠᠢ ᠪᠣᠯᠬᠤ ᠳᠤ ᠬᠦᠷᠭᠡᠳᠡᠭ᠃ ᠲᠡᠳᠡᠨ ᠳᠤ ᠠᠭᠤᠯᠤᠭᠳᠠᠬᠤ ᠬᠤᠣᠷᠠᠲᠠᠢ ᠬᠢᠮᠢ ᠶᠢᠨ ᠪᠣᠳᠠᠰ ᠤᠳ ᠨᠢ ᠬᠠᠷ᠎ᠠ ᠦᠡᠭᠭᠡᠨ ᠡᠳ᠋ ᠤᠨ ᠲᠦᠪᠰᠢᠨ ᠢ ᠪᠠᠭᠤᠷᠠᠭᠤᠯᠵᠤ᠂ ᠤᠯᠠᠮ ᠢᠶᠠᠷ ᠲᠠᠨ ᠤ ᠦᠰᠦ ᠪᠠᠶᠢᠭᠠᠯᠢ ᠶᠢᠨ ᠥᠩᠭᠡ ᠪᠠᠨ ᠠᠯᠠᠳᠠᠳᠠᠭ ᠪᠠᠶᠢᠨ᠎ᠠ᠃   ᠳᠤᠯᠤᠭ᠎ᠠ᠂ ᠤᠷᠢᠳᠴᠢᠯᠠᠨ ᠰᠡᠷᠭᠡᠶᠢᠯᠡᠬᠦ ᠶᠢᠨ ᠲᠤᠯᠠᠳᠠ ᠲᠠ ᠶᠠᠭᠤ ᠬᠢᠵᠦ ᠴᠢᠳᠠᠬᠤ ᠪᠤᠢ︖    ᠲᠠᠨ ᠤ ᠦᠰᠦ ᠪᠤᠭᠤᠷᠤᠯᠲᠤᠵᠤ ᠡᠬᠢᠯᠡᠭᠰᠡᠨ ᠯᠠ ᠪᠣᠯ ᠲᠠᠨ ᠤ ᠦᠰᠦ ᠠᠩᠬᠠᠨ ᠤ ᠥᠩᠭᠡ ᠪᠠᠨ ᠪᠤᠴᠠᠭᠠᠵᠤ ᠤᠯᠬᠤ ᠪᠣᠯᠤᠮᠵᠢ ᠦᠭᠡᠢ ᠪᠣᠯᠤᠨ᠎ᠠ᠃ ᠭᠡᠬᠦ ᠳᠤ ᠪᠠᠨ ᠡᠬᠢᠨ ᠤ ᠡᠭᠡᠯᠵᠢ ᠳᠤ ᠦᠰᠦ ᠪᠠᠨ ᠪᠤᠭᠤᠷᠤᠯ ᠪᠤᠯᠬᠤ ᠠᠴᠠ ᠰᠡᠷᠭᠡᠶᠢᠯᠡᠬᠦ ᠠᠷᠭ᠎ᠠ ᠬᠡᠮᠵᠢᠶ᠎ᠡ ᠨᠦᠭᠦᠳ ᠢ ᠠᠪᠬᠤ ᠨᠢ ᠵᠦᠢᠲᠡᠢ ᠶᠤᠮ᠃ ᠡᠭᠦᠨ ᠳᠤ᠄    ᠦᠰᠦ ᠶᠢ ᠨᠠᠷᠠᠨ ᠳᠤ ᠭᠡᠮᠲᠦᠬᠦ ᠠᠴᠠ ᠬᠠᠮᠠᠭᠠᠯᠠᠭᠠᠷᠠᠢ᠃ ᠪᠤᠯᠤᠮᠵᠢ ᠲᠠᠢ ᠪᠤᠯ ᠭᠠᠳᠠᠭᠰᠢ ᠪᠠᠨ ᠭᠠᠷᠬᠤ ᠪᠦᠷᠢ ᠳᠤ ᠪᠠᠨ ᠲᠣᠯᠣᠭᠠᠢ ᠪᠠᠨ ᠨᠠᠷᠠᠨ ᠤ ᠲᠤᠶᠠᠭᠠᠨ ᠠᠴᠠ ᠬᠠᠯᠬᠠᠯᠠᠵᠤ ᠪᠠᠶᠢᠭᠠᠷᠠᠢ᠃    ᠦᠰᠦ ᠬᠠᠲᠠᠭᠠᠭᠴᠢ ᠬᠡᠷᠡᠭᠯᠡᠬᠦ ᠠᠴᠠ ᠠᠯᠢ ᠪᠣᠯᠬᠤ ᠵᠠᠶᠢᠯᠠᠰᠬᠢᠬᠤ ᠬᠡᠷᠡᠭᠲᠡᠢ᠃ ᠦᠰᠦᠨ ᠤ ᠲᠣᠮᠣ ᠰᠠᠮ ᠢᠶᠠᠷ ᠦᠰᠦ ᠪᠠᠨ ᠰᠠᠮᠨᠠᠭᠠᠷᠠᠢ᠃    ᠬᠤᠭᠤᠯᠠ ᠬᠦᠨᠡᠰᠦᠨ ᠳᠤ ᠪᠠᠨ ᠴᠠᠭᠠᠨ ᠨᠤᠭᠤᠭ᠎ᠠ᠂ ᠴᠡᠴᠡᠭᠲᠦ ᠴᠠᠭᠠᠨ ᠨᠤᠭᠤᠭ᠎ᠠ᠂ ᠨᠠᠷᠭᠢᠯ ᠤᠨ ᠰᠢᠭᠦᠰᠤ᠂ ᠯᠤᠤᠪᠠᠩ ᠤᠨ ᠰᠢᠭᠦᠰᠦ ᠵᠡᠷᠭᠡ ᠶᠢ ᠢᠯᠡᠭᠦᠬᠡᠨ ᠣᠷᠣᠭᠤᠯᠤᠭᠠᠷᠠᠢ᠃  
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号