ᠠᠷᠪᠢᠯᠠᠨ ᠭᠠᠮᠨᠠᠬᠤ ᠶᠢ ᠳᠡᠭᠡᠳᠦᠯᠡᠵᠦ ᠪᠦᠷᠢᠯᠭᠡᠨ ᠰᠦᠢᠳᠬᠡᠬᠦ ᠶᠢ ᠳᠡᠪᠴᠢᠶ᠎ᠡ
ᠨᠡᠶᠢᠲᠡᠯᠡᠭᠰᠡᠨ ᠴᠠᠭ᠄
2021/2/24
     ᠶᠡᠷᠦᠩᠭᠡᠢ ᠱᠦᠵᠢ ᠰᠢ ᠶᠢᠨ ᠫᠢᠩ ᠤᠨ ᠢᠳᠡᠭᠡᠨ ᠤᠮᠳᠠᠭᠠᠨ ᠢ ᠪᠦᠷᠢᠯᠭᠡᠬᠦ ᠶᠢ ᠡᠷᠡᠰ ᠳᠡᠪᠴᠢᠨ᠂ ︽ᠠᠷᠪᠢᠯᠠᠬᠤ ᠶᠢ ᠠᠮᠠᠰᠠᠷ ᠠᠴᠠ ᠨᠢ︾ ᠬᠡᠳᠡᠭ  ᠤᠷᠢᠶᠠᠯᠠᠭ᠎ᠠ ᠳᠤ ᠨᠢᠭᠡᠳᠴᠦ᠂ ᠮᠠᠨ ᠤ ᠬᠤᠰᠢᠭᠤᠨ ᠤ ᠡᠯ᠎ᠡ ᠬᠤᠭᠤᠯᠠᠨ ᠭᠡᠷ ᠤᠨ ᠬᠢᠨ᠂ ︽ᠠᠮᠤ ᠪᠤᠳᠠᠭ᠎ᠠ ᠠᠷᠪᠢᠯᠠᠬᠤ︾ ᠤᠶᠢᠯᠠᠭᠠᠭᠳᠠᠬᠤᠨ ᠢ ᠨᠡᠶᠢᠭᠡᠮ ᠳᠠᠶᠠᠭᠠᠷ ᠲᠤ ᠰᠤᠷᠳᠠᠯᠴᠢᠯᠠᠵᠤ ᠪᠠᠶᠢᠨ᠎ᠠ᠃ᠵᠧᠩ ᠳ᠋ᠠ ᠬᠠᠯᠠᠭᠤᠨ ᠳᠤᠭᠤᠭᠠᠨ ᠤ ᠭᠠᠵᠠᠷ ᠤᠨ ᠠᠵᠢᠯᠳᠠᠳ᠂ ᠵᠤᠴᠢᠳ ᠲᠤ ᠠᠮᠤ ᠪᠤᠳᠠᠭ᠎ᠠ ᠪᠦᠷᠢᠯᠭᠡᠬᠦ ᠶᠢ ᠰᠠᠨᠠᠭᠤᠯᠬᠤ ᠵᠤᠷᠢᠯᠭ᠎ᠠ ᠠᠴᠠ ᠬᠤᠭᠤᠯᠠᠨ ᠰᠢᠷᠡᠭᠡ ᠪᠤᠯᠭᠠᠨ ᠳᠡᠭᠡᠷ᠎ᠡ ᠤᠬᠠᠭᠤᠯᠭ᠎ᠠ ᠶᠢᠨ ᠵᠢᠵᠢᠭ ᠫᠠᠶᠢᠰᠠ ᠳᠠᠯᠪᠢᠵᠤ᠂ ᠭᠡᠷᠡᠮ ᠬᠠᠨᠠᠨ ᠳᠤ ᠪᠠᠨ ᠵᠢᠷᠤᠭ ᠦᠰᠦᠭ ᠨᠠᠭᠠᠵᠠᠢ᠃  
     ᠵᠧᠩ ᠳ᠋ᠠ ᠬᠠᠯᠠᠭᠤᠨ ᠳᠤᠭᠤᠭᠠᠨ ᠤ ᠭᠠᠵᠠᠷ ᠤᠨ ᠶᠡᠷᠥᠩᠬᠡᠢ ᠲᠠᠭᠠᠬᠠᠮᠠᠯ  ᠯᠢᠦ ᠷᠥᠩ ᠹᠠᠩ᠄ ︽ᠪᠢᠳᠡ ᠪᠡᠶ᠎ᠡ ᠪᠠᠷ ᠢᠶᠠᠨ ᠳᠠᠭᠤᠷᠢᠶᠠᠯ ᠦᠵᠡᠬᠦᠯᠵᠦ᠂ ᠠᠵᠢᠯᠳᠠᠳ ᠢᠶᠠᠨ ᠳᠠᠶᠢᠴᠢᠯᠠᠨ ᠠᠷᠪᠢᠯᠠᠨ  ᠭᠠᠮᠨᠠᠵᠤ᠂ ᠵᠤᠴᠢᠳ ᠲᠤ ᠢᠳᠡᠬᠦ ᠶᠢᠨ ᠢᠶᠠᠨ ᠬᠡᠮᠵᠢᠶ᠎ᠡ ᠪᠠᠷ ᠵᠠᠬᠢᠶᠠᠯᠠᠬᠤ ᠶᠢ ᠰᠠᠨᠠᠭᠤᠯᠤᠨ᠂ ᠪᠦᠷᠢᠯᠬᠡᠨ ᠰᠦᠢᠳᠬᠡᠬᠦ ᠠᠴᠠ ᠵᠠᠶᠢᠯᠠᠰᠬᠢᠨ᠂ ︽ᠬᠤᠶᠠᠷ ᠬᠦᠮᠦᠨ ᠤ ᠬᠤᠪᠢ︾ ︽ᠲᠦᠷᠪᠡᠨ ᠬᠦᠮᠦᠨ ᠤ ᠬᠤᠪᠢ︾ ᠬᠡᠬᠦ ᠮᠡᠳᠦᠴᠢᠯᠡᠨ ᠵᠠᠬᠢᠶᠠᠯᠠᠭ᠎ᠠ ᠶᠢᠨ ᠲᠦᠷᠢᠮ ᠳᠤᠭᠳᠠᠭᠠᠨ ᠭᠡᠷᠡᠭᠵᠢᠬᠦᠯᠵᠦ᠂ ᠳᠤᠬᠢᠷᠠᠮᠵᠢᠳᠠᠢ ᠦᠨ᠎ᠡ ᠪᠠᠷ ᠬᠠᠨᠤᠮᠵᠢᠳᠠᠢ ᠦᠢᠯᠡᠴᠢᠯᠡᠭᠡ  ᠬᠠᠩᠭᠠᠨ᠂ ᠬᠠᠮᠳᠤᠪᠡᠷ ᠠᠷᠪᠢᠯᠠᠨ ᠭᠠᠮᠨᠠᠬᠤ ᠤᠬᠠᠮᠰᠠᠷ ᠢ ᠪᠤᠢ ᠪᠤᠯᠭᠠᠵᠤ ᠪᠠᠶᠢᠨ᠎ᠠ᠃  ︾
     ᠬᠤᠤ ᠶᠤᠸᠠᠨ ᠪᠠᠩᠰᠢᠨ ᠤ ᠬᠤᠭᠤᠯᠠᠨ ᠭᠡᠷ᠂ ᠲᠡᠷᠢᠬᠦᠨ ᠬᠠᠯᠠᠭᠤᠨ ᠳᠤᠭᠤᠭᠠᠨ ᠤ ᠭᠠᠵᠠᠷ᠂ ︽ᠬᠠᠭᠠᠰ ᠬᠤᠪᠢ᠂ ᠬᠠᠭᠠᠰ ᠦᠨ᠎ᠡ︾ ︽ᠪᠠᠭ᠎ᠠ ᠬᠤᠪᠢ᠂ ᠳᠤᠬᠢᠷᠠᠮᠵᠢᠳᠠᠢ ᠦᠨ᠎ᠡ︾ ᠶᠢᠨ ᠦᠢᠯᠡᠴᠢᠯᠡᠭᠡ ᠶᠢ ᠬᠡᠷᠡᠭᠵᠢᠬᠦᠯᠦᠨ ᠂ ᠳᠤᠭᠤᠭᠠᠴᠢ ᠶᠢᠨ ᠡᠩᠨᠡᠭᠡᠨ ᠤ ᠪᠠᠶᠢᠭᠤᠯᠤᠯᠳᠠ ᠶᠢ ᠴᠢᠩᠭᠠᠳᠬᠠᠨ᠂ ᠲᠦᠬᠦᠭᠡᠢ ᠮᠠᠲ᠋ᠧᠷᠢᠶᠠᠯ ᠬᠤᠳᠠᠯᠳᠤᠨ ᠠᠪᠬᠤ᠂ ᠮᠠᠲ᠋ᠧᠷᠢᠶᠠᠯ ᠪᠡᠯᠡᠳᠬᠡᠬᠦ  ᠲᠤᠮᠳᠠ ᠪᠦᠷᠢᠯᠬᠡᠨ ᠰᠦᠢᠳᠬᠡᠬᠦ ᠠᠴᠠ ᠵᠠᠶᠢᠯᠠᠰᠬᠢᠵᠤ᠂ ᠬᠤᠭᠤᠯᠠ ᠬᠢᠬᠦ ᠮᠡᠷᠭᠡᠵᠢᠯ ᠢ ᠳᠡᠭᠡᠭᠰᠢᠯᠡᠬᠦᠯᠦᠨ᠂  ᠬᠤᠭᠤᠯᠠᠨ ᠤ ᠴᠢᠨᠠᠷ ᠴᠢᠨᠰᠠᠭ᠎ᠠ ᠶᠢ ᠳᠡᠭᠡᠭᠰᠢᠯᠡᠬᠦᠯᠦᠨ᠂ ᠪᠦᠷᠢᠯᠬᠡᠨ ᠰᠦᠢᠳᠭᠡᠬᠦ ᠶᠢ ᠡᠷᠡᠰ ᠬᠤᠷᠢᠭᠯᠠᠵᠤ ᠪᠠᠶᠢᠨ᠎ᠠ᠃
     ᠡᠯᠪᠡᠭ ᠳᠡᠯᠪᠡᠭ ᠡᠳ᠋ᠯᠡᠵᠦ ᠭᠡᠷᠡᠭᠯᠡᠬᠦ ᠪᠤᠯᠤᠭᠰᠠᠨ ᠨᠢ ᠠᠷᠠᠳ ᠤᠨ ᠠᠮᠢᠳᠤᠷᠠᠯ ᠰᠠᠶᠢᠵᠢᠷᠠᠵᠤ᠂ ᠤᠯᠤᠰ ᠤᠷᠤᠨ ᠬᠦᠭᠵᠢᠨ ᠬᠦᠴᠦᠷᠭᠡᠭᠵᠢᠵᠦ ᠪᠠᠶᠢᠭ᠎ᠠ ᠶᠢᠨ ᠰᠢᠨᠵᠢ ᠪᠤᠯᠪᠠᠴᠤ᠂ ᠬᠦᠳᠡᠯᠮᠦᠷᠢ ᠶᠢᠨ ᠬᠦᠴᠦᠨ ᠠᠴᠠ ᠤᠨᠳᠤᠷᠤᠭᠰᠠᠨ ︽ᠲᠡᠭᠷᠢ ᠠᠴᠠ ᠳᠡᠮᠡᠭᠡᠨ ᠴᠢᠨᠡᠭᠡᠨ ᠬᠠᠷᠠᠭᠳᠠᠳᠠᠭ︾ ᠮᠦᠬᠦᠯᠢᠭ ᠠᠮᠤ ᠶᠢ ᠴᠦ ᠨᠠᠨᠳᠢᠩᠨᠠᠨ ᠬᠠᠶᠢᠷᠠᠯᠠᠵᠤ᠂ ᠠᠷᠪᠢᠴᠢ ᠭᠠᠮᠴᠢ ᠰᠤᠷᠳᠠᠯ ᠢᠶᠠᠨ ᠬᠠᠳᠠᠭᠠᠯᠠᠨ ᠤᠯᠠᠮᠵᠢᠯᠠᠵᠠᠭᠠᠶ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号