ᠭᠠᠯᠢᠩᠳᠠᠷᠠ ᠭᠡᠳᠡᠭ ᠨᠡᠷ᠎ᠡ ᠶᠢ ᠪᠠᠷᠠᠭᠤᠨ ᠰᠦᠨᠢᠳ ᠤᠨ ᠬᠢᠨ ᠨᠤᠳᠤᠭ ᠤᠨ ᠲᠡᠤᠭᠡ ᠰᠤᠶᠤᠯ ᠤᠨ ᠨᠤᠮ | ᠪᠢᠴᠢᠭ ᠤᠨ ᠭᠠᠳᠠᠷ ᠲᠡᠭᠡᠷ᠎ᠡ ᠠᠴᠠ ᠦᠷᠬᠦᠯᠵᠢ ᠤᠯᠵᠤ ᠬᠠᠷᠠᠵᠤ ᠯᠡ ᠪᠠᠶᠢᠳᠠᠭ ᠪᠤᠯᠪᠠᠴᠤ ᠪᠠᠷ᠎ᠠ ᠶᠢ ᠨᠢ ᠬᠠᠷᠠᠭᠰᠠᠨ | ᠨᠢ ᠬᠤᠪᠤᠷᠬᠠᠨ ᠪᠠᠶᠢᠳᠠᠭ᠃ ᠭᠠᠯᠢᠩᠳᠠᠷᠠ ᠭᠤᠸᠠᠢ ᠨᠡᠷ᠎ᠡ ᠲᠦᠷᠦ ᠶᠢ ᠦᠯᠦ ᠬᠦᠭᠡᠭᠡᠴᠡᠯᠳᠦᠨ᠂ ᠨᠢᠭᠡᠯᠡ | ᠰᠡᠳᠬᠢᠯ ᠢᠶᠠᠷ ᠤᠷᠤᠨ ᠨᠤᠳᠤᠭ ᠤᠨ ᠢᠶᠠᠨ ᠲᠡᠤᠭᠡ ᠰᠤᠶᠤᠯ᠂ ᠦᠨᠳᠦᠰᠦᠳᠡᠨ ᠤ ᠪᠠᠨ ᠵᠠᠩ ᠦᠢᠯᠡ ᠶᠢᠨ | ᠰᠤᠳᠤᠯᠭᠠᠨ ᠳᠤ ᠮᠠᠬᠠᠷᠠᠨ ᠵᠢᠳᠬᠦᠵᠤ᠂ ᠪᠢᠷ ᠴᠠᠭᠠᠰᠤ ᠲᠠᠢ ᠬᠠᠨᠢᠯᠠᠨ ᠰᠠᠭᠤᠳᠠᠭ ᠠᠴᠠ ᠤᠯᠠᠨ ᠤ ᠨᠢᠳᠦᠨ ᠳᠤ | ᠦᠷᠳᠦᠬᠦ ᠨᠢ ᠬᠤᠪᠤᠷ ᠪᠠᠶᠢᠳᠠᠭ ᠨᠢ ᠠᠷᠭ᠎ᠠ ᠦᠭᠡᠢ᠃ | | | | ᠭᠠᠯᠢᠩᠳᠠᠷᠠ ᠠᠪᠤᠭᠠᠢ 1938 ᠤᠨ ᠳᠤ ᠰᠢᠯᠢ ᠶᠢᠨ ᠭᠤᠤᠯ ᠠᠶᠢᠮᠠᠭ ᠤᠨ ᠰᠦᠨᠢᠳ ᠪᠠᠷᠠᠭᠤᠨ ᠬᠤᠰᠢᠭᠤᠨ | ᠤ ᠮᠠᠯᠴᠢᠨ ᠰᠤᠳᠨᠠᠮᠳᠤᠷᠵᠢ ᠶᠢᠨ ᠤᠳᠬᠠᠨ ᠬᠦᠪᠡᠭᠦᠨ ᠨᠢ ᠪᠤᠯᠤᠨ ᠵᠠᠶᠠᠭᠠᠵᠠᠢ᠃ 1949 ᠤᠨ ᠠᠴᠠ 1961 | ᠤᠨ ᠬᠦᠷᠳᠡᠯ᠎ᠡ ᠰᠦᠨᠢᠳ ᠪᠠᠷᠠᠭᠤᠨ ᠬᠤᠰᠢᠭᠤ᠂ ᠰᠢᠯᠢ ᠶᠢᠨ ᠬᠤᠳᠠ ᠵᠡᠷᠭᠡ ᠭᠠᠵᠠᠷ ᠲᠤ ᠪᠠᠭ᠎ᠠ ᠰᠤᠷᠭᠠᠭᠤᠯᠢ᠂ | ᠲᠤᠮᠳᠠᠲᠦ ᠰᠤᠷᠭᠠᠭᠤᠯᠢ ᠳᠤ ᠰᠤᠷᠤᠯᠴᠠᠵᠦ᠂ 1961 ᠤᠨ ᠳᠤ ᠥᠪᠤᠷ ᠮᠤᠩᠭᠤᠯ ᠤᠨ ᠪᠠᠭᠰᠢ ᠶᠢᠨ ᠲᠡᠭᠡᠲᠦ | ᠰᠤᠷᠭᠠᠭᠤᠯᠢ ᠳᠤ ᠰᠢᠯᠭᠠᠭᠳᠠᠨ ᠤᠷᠤᠵᠠᠢ᠃ 1965 ᠤᠨ ᠳᠤ ᠰᠤᠷᠤᠯᠭ᠎ᠠ ᠲᠡᠭᠦᠰᠴᠦ᠂ 1965 ᠤᠨ ᠠᠴᠠ | 1981 ᠤᠨ ᠬᠦᠷᠳᠡᠯ᠎ᠡ ᠬᠦᠬᠡᠬᠤᠳᠠ ᠶᠢᠨ ᠠᠷᠪᠠᠨ ᠲᠦᠷᠪᠡᠳᠦᠭᠡᠷ ᠲᠤᠮᠳᠠᠲᠦ ᠰᠤᠷᠭᠠᠭᠤᠯᠢ᠂ ᠰᠢᠯᠢ ᠶᠢᠨ ᠭᠤᠤᠯ | ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠮᠤᠩᠭᠤᠯ ᠲᠤᠮᠳᠠᠲᠦ ᠰᠤᠷᠭᠠᠭᠤᠯᠢ ᠳᠤ ᠮᠤᠩᠭᠤᠯ ᠬᠡᠯᠡ ᠪᠢᠴᠢᠭ ᠤᠨ | ᠪᠠᠭᠰᠢ ᠪᠠᠷ ᠠᠵᠢᠯᠯᠠᠵᠠᠢ᠃ | | | | | 1982 ᠤᠨ ᠠᠴᠠ 1984 ᠤᠨ ᠪᠤᠯᠳᠠᠯ᠎ᠠ ᠲᠤᠰ ᠬᠤᠰᠢᠭᠤᠨ ᠤ ᠪᠠᠨ ᠰᠤᠷᠭᠠᠨ ᠬᠦᠮᠥᠵᠢᠯ ᠤᠨ | ᠲᠤᠪᠴᠢᠶᠠᠨ ᠤ ᠲᠡᠳ᠋ ᠲᠤᠪᠴᠢᠶᠠᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠦ ᠪᠠᠶᠢᠭᠠᠳ 1984 ᠤᠨ ᠳᠤ | ᠰᠦᠨᠢᠳ ᠪᠠᠷᠠᠭᠤᠨ ᠬᠤᠰᠢᠭᠤᠨ ᠤ ᠦᠨᠳᠦᠰᠦᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠳᠤ | ᠰᠢᠯᠵᠢᠵᠦ ᠢᠷᠡᠭᠡᠳ ᠲᠡᠳ᠋ ᠲᠤᠪᠴᠢᠶᠠᠨ ᠳᠠᠷᠤᠭ᠎ᠠ ᠪᠠᠷ ᠠᠵᠢᠯᠯᠠᠵᠠᠢ᠃ 1986 ᠤᠨ ᠠᠴᠠ 1997 ᠤᠨ | ᠬᠦᠷᠴᠦ ᠢᠷᠡᠳᠡᠯ᠎ᠡ ᠬᠤᠰᠢᠭᠤᠨ ᠤ ᠨᠠᠮ ᠤᠨ ᠲᠡᠤᠬᠡ ᠤᠷᠤᠨ ᠨᠤᠳᠤᠭ ᠤᠨ ᠲᠡᠮᠳᠡᠭᠯᠡᠯ ᠨᠠᠶᠢᠷᠠᠭᠤᠯᠬᠤ ᠠᠯᠪᠠᠨ ᠭᠡᠷ | ᠤᠨ ᠡᠷᠬᠢᠯᠡᠭᠴᠢ᠂ ᠪᠠᠶᠢᠴᠠᠭᠠᠨ ᠰᠤᠳᠤᠯᠤᠭᠴᠢ ᠪᠠᠷ ᠠᠵᠢᠯᠯᠠᠵᠦ ᠪᠠᠶᠢᠭᠠᠳ 1997 ᠤᠨ ᠳᠤ ᠠᠵᠢᠯ ᠠᠴᠠ ᠪᠠᠨ | ᠠᠮᠠᠷᠠᠵᠦ᠂ ᠨᠠᠰᠤᠨ ᠤ ᠠᠮᠠᠷᠠᠯᠳᠠ ᠪᠠᠨ ᠠᠪᠤᠭᠰᠠᠨ ᠪᠤᠯᠪᠠᠴᠤ ᠡᠨᠡᠬᠦ ᠠᠷᠪᠠ ᠭᠠᠷᠤᠢ ᠵᠢᠯ ᠤᠨ ᠳᠤᠳᠤᠷ᠎ᠠ ᠮᠤᠩᠭᠤᠯ | ᠬᠡᠯᠡ᠂ ᠮᠤᠩᠭᠤᠯ ᠦᠰᠦᠭ ᠪᠢᠴᠢᠭ ᠢᠶᠠᠷ ᠢᠶᠠᠨ ᠦᠨᠳᠦᠰᠦᠳᠡᠨ ᠤ ᠪᠠᠨ ᠤᠯᠠᠮᠵᠢᠯᠠᠯᠲᠦ ᠲᠡᠤᠬᠡ ᠰᠤᠶᠤᠯ ᠤᠨ | ᠠᠭᠤᠯᠭ᠎ᠠ ᠪᠦᠬᠦᠢ ᠨᠤᠮ ᠵᠤᠬᠢᠶᠠᠯ ᠢ ᠡᠳᠦᠢ ᠲᠡᠳᠦᠢ ᠪᠠᠷ ᠪᠢᠴᠢᠵᠦ ᠨᠡᠶᠢᠳᠡᠯᠡᠬᠦᠯᠦᠭᠰᠡᠭᠡᠷ ᠢᠷᠡᠵᠠᠢ᠃ | | | | | ᠭᠠᠯᠢᠩᠳᠠᠷᠠ ᠠᠪᠤᠭᠠᠢ ᠡᠳᠦᠭᠡ ᠬᠦᠷᠳᠡᠯᠡᠬᠢ ᠨᠡᠶᠢᠳᠡ ᠮᠢᠩᠭᠠᠭᠠᠳ ᠲᠦᠮᠡᠨ ᠦᠰᠦᠭ ᠤᠨ ᠪᠦᠳᠦᠭᠡᠯ ᠢ ᠶᠡᠭᠡ | ᠲᠦᠯᠦᠪ ᠰᠤᠶᠤᠯ ᠰᠤᠷᠭᠠᠨ ᠬᠦᠮᠦᠵᠢᠯ᠂ ᠭᠡᠯᠡ ᠰᠢᠨᠵᠢᠯᠡᠭᠡᠨ᠂ᠨᠠᠮ ᠤᠨ ᠲᠡᠤᠭᠡ ᠤᠷᠤᠨ ᠨᠤᠳᠤᠭ ᠤᠨ ᠤᠶᠢᠯᠠᠯᠭ᠎ᠠ᠂ | ᠤᠯᠠᠮᠵᠢᠯᠠᠯᠳᠤ ᠵᠠᠩ ᠦᠢᠯᠡ᠂ ᠱᠠᠰᠢᠨ ᠰᠢᠳᠦᠯᠭᠡ ᠭᠡᠬᠦ ᠮᠡᠳᠦ ᠪᠠᠷ ᠠᠩᠬᠢᠯᠡᠵᠤ ᠪᠤᠯᠤᠨ᠎ᠠ᠃ | ᠭᠡᠯᠡ ᠰᠢᠨᠵᠢᠯᠡᠯ᠂ ᠵᠢᠭᠠᠨ ᠰᠤᠷᠭᠠᠯᠳᠠ ᠶᠢᠨ ᠲᠤᠬᠠᠢ ︽ᠪᠠᠷᠢᠮᠵᠢᠶ᠎ᠠ ᠠᠪᠢᠶ᠎ᠠ ᠮᠠᠨᠠᠢ ᠡᠩᠬᠡᠵᠢᠨ ᠪᠠᠳᠤᠵᠢᠵᠦ | ᠬᠦᠭᠵᠢᠨ ᠮᠠᠨᠳᠤᠬᠤ ᠪᠤᠯᠳᠤᠭᠠᠢ︾᠂ ︽ᠦᠭᠡ ᠶᠢᠨ ᠪᠢᠴᠢᠯᠭᠡ ᠶᠢ ᠲᠦᠷᠢᠮᠵᠢᠬᠦᠯᠬᠦ ᠲᠤᠬᠠᠢ︾᠂ ︽ᠪᠠᠭᠰᠢ ᠬᠦᠮᠥᠨ | ᠤ ᠬᠢᠴᠢᠶᠠᠯ ᠤᠨ ᠬᠡᠯᠡᠯᠭᠡ ᠶᠠᠮᠠᠷ ᠪᠠᠶᠢᠪᠠᠯ ᠵᠤᠬᠢᠬᠤ ᠲᠤᠬᠠᠢ︾᠂ ︽ᠮᠤᠩᠭᠤᠯ ᠦᠰᠦᠭ ᠢ ᠵᠥᠪ ᠪᠢᠴᠢᠬᠦ ᠲᠤᠬᠠᠢ | ᠠᠵᠢᠭᠯᠠᠯᠳᠠ︾᠂ ︽ᠨᠢᠷᠤᠭᠤᠨ᠂ ᠳᠡᠷᠡᠯᠡᠬᠢᠨ ᠭᠡᠮᠡᠬᠦ ᠬᠤᠶᠠᠷ ᠦᠭᠡ ᠶᠢᠨ ᠤᠳᠬ᠎ᠠ ᠶᠢᠨ ᠬᠠᠶᠢᠯᠳᠠ︾᠂ ︽ | ᠤᠶᠢᠷᠭᠤᠵᠢᠨ ᠮᠤᠩᠭᠤᠯ ᠦᠰᠦᠭ ᠤᠨ ᠬᠦᠭᠵᠢᠯ ᠤᠨ ᠵᠦᠢ ᠲᠤᠭᠳᠠᠯ︾᠂ ︽ᠲᠠᠮᠠᠴᠢ ᠭᠡᠮᠡᠬᠦ ᠭᠠᠵᠠᠷ ᠤᠨ ᠨᠡᠷ᠎ᠡ | ᠶᠢᠨ ᠰᠤᠳᠤᠯᠠᠯ︾᠂ ︽ᠪᠤᠭᠤᠨᠢ ᠪᠠᠷ ᠪᠢᠴᠢᠭᠡᠳ ᠤᠷᠲᠦ ᠪᠠᠷ ᠤᠩᠰᠢᠳᠠᠭ ᠦᠭᠡᠰ ᠤᠨ ᠪᠢᠴᠢᠯᠭᠡ ᠳᠠᠭᠤᠳᠠᠯᠭ᠎ᠠ ᠶᠢᠨ | ᠲᠤᠬᠠᠢ︾᠂ ︽ᠢᠨᠵᠠᠨᠠᠰᠢ ᠠᠪᠤᠭᠠᠢ ᠶᠢᠨ ᠰᠢᠯᠦᠭᠯᠡᠬᠦ ᠥᠪᠡᠷᠮᠢᠴᠡ ᠬᠡᠪᠰᠢᠯ︾᠂ ︽ᠢᠨᠵᠠᠨᠠᠰᠢ ᠠᠪᠤᠭᠠᠢ ᠶᠢᠨ | ᠰᠤᠷᠭᠠᠨ ᠬᠦᠮᠥᠵᠢᠯ ᠤᠨ ᠤᠬᠠᠭᠠᠨ ᠤ ᠲᠤᠬᠠᠢ ᠦᠵᠡᠯᠳᠡ︾᠂ ︽ᠮᠤᠩᠭᠤᠯ ᠬᠡᠯᠡ ᠪᠢᠴᠢᠭ ᠤᠨ ᠤᠩᠰᠢᠯᠭ᠎ᠠ ᠶᠢ | ᠲᠦᠷᠭᠡᠨ ᠡᠵᠡᠮᠰᠢᠬᠦᠯᠬᠦ ᠲᠤᠬᠠᠢ ᠲᠤᠰᠠᠯᠠᠮᠵᠢ︾᠂ ︽ᠦᠭᠡ ᠶᠢᠨ ᠢᠵᠠᠭᠤᠷ ᠢ ᠭᠡᠷᠬᠢᠨ ᠲᠤᠳᠤᠯᠠᠵᠦ ᠢᠯᠭᠠᠬᠤ | ᠲᠤᠬᠠᠢ︾᠂ ︽ᠪᠠᠷᠢᠮᠵᠢᠶ᠎ᠠ ᠠᠪᠢᠶᠠᠨ ᠤ ᠵᠠᠷᠢᠮ ᠠᠪᠢᠶᠠᠨ ᠤ ᠤᠨᠳᠤᠰᠢᠬᠤ ᠦᠵᠡᠭᠳᠡᠯ︾᠂ ︽ᠢᠵᠠᠭᠤᠷ ᠦᠭᠡ ᠶᠢᠨ | ᠪᠢᠴᠢᠯᠭᠡ ᠨᠢᠳᠤᠯᠠᠨ ᠲᠤᠭᠳᠠᠭᠠᠬᠤ ᠠᠷᠭ᠎ᠠ ᠳᠡᠮ︾᠂᠂᠂᠂᠂᠂ ᠭᠡᠬᠦ ᠮᠡᠲᠦ ᠬᠤᠷᠢ ᠰᠢᠬᠠᠮ ᠡᠷᠳᠡᠮ ᠰᠢᠨᠵᠢᠯᠡᠭᠡᠨ ᠤ | ᠦᠬᠦᠯᠡᠯ ᠢ ᠤᠷᠤᠨ᠂ ᠠᠶᠢᠮᠠᠭ᠂ ᠬᠤᠰᠢᠭᠤᠨ ᠤ ᠬᠡᠪᠴᠢᠶᠠᠨ ᠳᠠᠬᠢ ᠰᠡᠳᠬᠦᠯ ᠨᠦᠭᠦᠳ ᠲᠡᠭᠡᠷ᠎ᠡ ᠨᠡᠶᠢᠳᠡᠯᠡᠬᠦᠯᠵᠠᠢ᠃ | ᠡᠬᠦᠨ ᠠᠴᠠ ᠭᠠᠳᠠᠨ᠎ᠠ ︽ᠢᠨᠵᠠᠨᠠᠰᠢ ᠶᠢᠨ ᠰᠢᠯᠢᠭ ᠤᠨ ᠦᠵᠡᠯᠳᠡ︾ ᠭᠡᠮᠡᠬᠦ ᠠᠷᠪᠠᠨ ᠲᠠᠪᠤᠨ ᠲᠦᠮᠡᠨ ᠦᠰᠦᠭ ᠤᠨ | ᠰᠤᠳᠤᠯᠭᠠᠨ ᠤ ᠴᠢᠨᠠᠷᠲᠠᠢ ᠨᠤᠮ ᠢ ᠨᠢ ᠥᠪᠤᠷ ᠮᠤᠩᠭᠤᠯ ᠤᠨ ᠰᠤᠷᠭᠠᠨ ᠬᠦᠮᠥᠵᠢᠯ ᠤᠨ ᠬᠡᠪᠯᠡᠯ ᠤᠨ ᠬᠤᠷᠢᠶ᠎ᠠ ᠠᠴᠠ | 1987 ᠤᠨ ᠳᠤ ᠬᠡᠪᠯᠡᠬᠦᠯᠵᠠᠢ᠃ ᠪᠠᠰᠠ ︽ᠮᠤᠩᠭᠤᠯ ᠦᠰᠦᠭ ᠤᠨ ᠵᠥᠪ ᠪᠢᠴᠢᠯᠭᠡ ᠶᠢᠨ ᠲᠤᠰᠠᠯᠠᠮᠵᠢ︾ ᠬᠡᠮᠡᠬᠦ | ᠬᠤᠷᠢᠨ ᠲᠦᠮᠡᠨ ᠦᠰᠦᠭ ᠤᠨ ᠨᠤᠮ ᠢ ᠨᠠᠶᠢᠷᠠᠭᠤᠯᠤᠨ ᠵᠤᠬᠢᠶᠠᠵᠠᠢ᠃ ᠲᠡᠭᠦᠨ ᠢ ᠥᠪᠤᠷ ᠮᠤᠩᠭᠤᠯ ᠤᠨ | ᠥᠪᠡᠷᠳᠡᠭᠡᠨ ᠵᠠᠰᠠᠬᠤ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠤᠨ ᠵᠥᠪᠯᠡᠯ ᠤᠨ ᠡᠷᠳᠡᠮ ᠰᠢᠨᠵᠢᠯᠡᠭᠡᠨ ᠤ | ᠭᠠᠵᠠᠷ ᠠᠴᠠ 1983 ᠤᠨ ᠳᠤ ᠬᠡᠪᠯᠡᠬᠦᠯᠵᠠᠢ᠃ ᠡᠨᠡ ᠬᠤᠶᠠᠷ ᠨᠤᠮ ᠨᠢ ᠮᠤᠩᠭᠤᠯ ᠦᠰᠦᠭ ᠢ ᠵᠥᠪ ᠪᠢᠴᠢᠬᠦ ᠪᠠ | ᠤᠷᠠᠨ ᠵᠤᠬᠢᠶᠠᠯ ᠤᠨ ᠰᠤᠳᠤᠯᠭᠠᠨ ᠤ ᠬᠤᠪᠢ ᠳᠤ ᠪᠠᠭ᠎ᠠ᠂ ᠲᠤᠮᠳᠠᠲᠦ ᠰᠤᠷᠭᠠᠭᠤᠯᠢ ᠶᠢᠨ ᠪᠠᠭᠰᠢ ᠰᠤᠷᠤᠭᠴᠢᠳ ᠤᠨ | ᠭᠠᠷ ᠠᠪᠤᠯᠭ᠎ᠠ ᠶᠢᠨ ᠴᠢᠬᠤᠯᠠ ᠬᠡᠷᠡᠭᠯᠡᠭᠡᠨ ᠤ ᠪᠢᠴᠢᠭ ᠪᠤᠯᠵᠠᠢ᠃ ᠭᠠᠯᠢᠩᠳᠠᠷᠠ ᠭᠤᠸᠠᠢ᠂ ᠡᠨᠡᠬᠦ ᠬᠤᠷᠢᠭᠠᠳ ᠵᠢᠯ | ᠤᠨ ᠲᠤᠳᠤᠷ᠎ᠠ ᠨᠠᠮ ᠤᠨ ᠦᠨᠳᠦᠰᠦᠳᠠᠨ ᠤ ᠰᠤᠷᠭᠠᠨ ᠬᠦᠮᠥᠵᠢᠯ ᠤᠨ ᠤᠶᠢᠯᠡᠰ ᠲᠤ ᠨᠢᠭᠡᠨ ᠰᠡᠳᠬᠢᠯ ᠢᠶᠠᠷ | ᠵᠢᠳᠬᠦᠵᠦ᠂ ᠭᠠᠯ ᠵᠠᠯᠠᠭᠤ ᠨᠠᠰᠤ ᠪᠠᠨ ᠦᠨᠳᠦᠰᠦᠳᠠᠨ ᠤ ᠪᠠᠨ ᠦᠭᠡ ᠬᠡᠯᠡ᠂ ᠦᠰᠦᠭ ᠪᠢᠴᠢᠭ ᠢ ᠬᠦᠭᠵᠢᠬᠦᠯᠬᠦ | ᠠᠵᠢᠯ ᠳᠤ ᠵᠤᠷᠢᠭᠤᠯᠵᠠᠢ᠃ | | | | | ᠭᠠᠯᠢᠩᠳᠠᠷᠠ ᠠᠪᠤᠭᠠᠢ᠂ ᠨᠠᠶᠠᠭᠠᠳ ᠤᠨ ᠠᠴᠠ ᠡᠬᠢᠯᠡᠵᠦ᠂ ᠮᠤᠩᠭᠤᠯ ᠦᠨᠳᠦᠰᠦᠳᠠᠨ ᠤ ᠪᠠᠨ ᠤᠯᠠᠮᠵᠢᠯᠠᠯᠲᠦ | ᠰᠤᠶᠤᠯ ᠢ ᠠᠪᠤᠷᠠᠵᠦ ᠠᠪᠬᠤ ᠠᠵᠢᠯ ᠢ ᠨᠢᠳᠤᠨ ᠡᠮᠤᠨᠡᠬᠢ ᠭᠤᠤᠯ ᠬᠠᠷᠠᠯᠳᠠ ᠪᠤᠯᠭᠠᠭᠰᠠᠨ ᠠᠴᠠ ᠰᠦᠨᠢᠳ ᠪᠠᠷᠠᠭᠤᠨ | ᠬᠤᠰᠢᠭᠤᠨ ᠳᠤ ᠰᠢᠯᠵᠢᠵᠦ ᠢᠷᠡᠮᠡᠭᠴᠡ ᠮᠤᠩᠭᠤᠯ ᠦᠨᠳᠦᠰᠦᠳᠡᠨ ᠤ ᠪᠠᠨ ᠤᠯᠠᠮᠵᠢᠯᠠᠯᠳᠤ ᠰᠤᠶᠤᠯ ᠤᠨ ᠭᠡᠭᠡᠷ᠎ᠡ ᠶᠢᠨ | ᠰᠢᠨᠵᠢᠯᠡᠭᠡᠨ ᠢ ᠬᠢᠵᠤ᠂ ᠨᠢᠭᠡᠳᠦᠭᠡᠷ ᠭᠠᠷ ᠤᠨ ᠮᠠᠲ᠋ᠧᠷᠢᠶᠠᠯ ᠢ ᠴᠤᠭᠯᠠᠭᠤᠯᠬᠤ᠂ ᠡᠮᠬᠢᠳᠬᠡᠬᠦ ᠠᠵᠢᠯ ᠢ ᠰᠢᠭᠤᠳ | ᠭᠠᠷᠳᠠᠨ ᠬᠢᠵᠦ ᠡᠬᠢᠯᠡᠵᠠᠢ᠃ | ᠲᠤᠪᠴᠢᠶᠠᠨ ᠤ ᠪᠠᠨ ᠱᠠᠰᠢᠨ ᠰᠤᠷᠳᠠᠬᠤᠨ ᠤ ᠠᠵᠢᠯ ᠢ ᠭᠠᠷᠳᠠᠨ ᠬᠠᠷᠢᠭᠤᠴᠠᠵᠦ ᠠᠪᠤᠭᠰᠠᠨ ᠪᠤᠯᠬᠤᠷ | 1984 ᠤᠨ ᠠᠴᠠ ᠡᠬᠢᠯᠡᠵᠦ᠂ ᠰᠦᠨᠢᠳ ᠤᠨ ᠱᠠᠰᠢᠨ ᠤ ᠲᠡᠤᠬᠡ᠂ ᠰᠦᠮ᠎ᠡ ᠭᠡᠶᠢᠳ ᠤᠨ ᠰᠤᠶᠤᠯ ᠢ ᠤᠶᠢᠯᠠᠭᠠᠵᠦ | ᠮᠡᠳᠡᠬᠦ ᠪᠠᠷ ᠪᠦᠬᠦ ᠬᠤᠰᠢᠭᠤᠨ ᠤ ᠬᠡᠪᠴᠢᠶᠠᠨ ᠳᠤ ᠶᠠᠪᠤᠵᠦ᠂ ᠬᠡᠳᠦᠨ ᠵᠢᠯ ᠦᠷᠬᠦᠯᠵᠢᠯᠡᠨ ᠲᠤᠭᠤᠷᠢᠨ | ᠰᠤᠷᠪᠤᠯᠵᠢᠯᠠᠵᠦ᠂ ᠪᠠᠶᠢᠴᠠᠭᠠᠨ ᠰᠤᠳᠤᠯᠤᠯᠳᠠ ᠬᠢᠵᠠᠢ᠃ ᠡᠨᠡ ᠨᠢ ᠰᠦᠨᠢᠳ ᠪᠠᠷᠠᠭᠤᠨ ᠬᠤᠰᠢᠭᠤᠨ ᠤ ᠤᠯᠠᠮᠵᠢᠯᠠᠯᠲᠦ | ᠰᠤᠶᠤᠯ ᠲᠡᠤᠬᠡ ᠶᠢ ᠪᠦᠬᠦ ᠲᠠᠯ᠎ᠠ ᠪᠠᠷ ᠤᠶᠢᠯᠠᠭᠠᠵᠦ ᠠᠪᠬᠤ ᠶᠢᠨ ᠠᠩᠬᠠᠨ ᠤ ᠡᠬᠢᠯᠡᠯᠳᠡ ᠨᠢ ᠪᠤᠯᠵᠠᠢ᠃ 1986 | ᠤᠨ ᠠᠴᠠ ᠬᠤᠰᠢᠭᠤᠨ ᠤ ᠨᠠᠮ ᠤᠨ ᠲᠡᠤᠬᠡ᠂ ᠤᠷᠤᠨ ᠨᠤᠳᠤᠭ ᠤᠨ ᠲᠡᠮᠳᠡᠭᠯᠡᠯ ᠨᠠᠶᠢᠷᠠᠭᠤᠯᠬᠤ ᠠᠯᠪᠠᠨ ᠭᠡᠷ ᠲᠤ | ᠰᠢᠯᠵᠢᠨ ᠠᠵᠢᠯᠯᠠᠭᠰᠠᠨ ᠠᠴᠠ ᠬᠤᠶᠢᠰᠢ ᠪᠦᠬᠦ ᠬᠤᠰᠢᠭᠤᠨ ᠤ ᠬᠡᠪᠴᠢᠶᠠᠨ ᠳᠤ ᠤᠷᠲᠦ ᠬᠤᠭᠤᠴᠠᠭᠠᠨ ᠤ᠂ ᠪᠦᠬᠦ | ᠲᠠᠯ᠎ᠠ ᠶᠢᠨ ᠪᠠᠶᠢᠴᠠᠭᠠᠯᠳᠠ ᠰᠤᠷᠪᠤᠯᠵᠢᠯᠠᠭ᠎ᠠ ᠬᠢᠵᠦ᠂ ᠪᠦᠬᠦ ᠬᠤᠰᠢᠭᠤᠨ ᠤ ᠤᠯᠠᠮᠵᠢᠯᠠᠯᠲᠦ ᠰᠤᠶᠤᠯ ᠳᠤ | ᠬᠤᠯᠪᠤᠭᠳᠠᠭᠰᠠᠨ ᠦᠨᠳᠦᠰᠦᠨ ᠮᠠᠲ᠋ᠧᠷᠢᠶᠠᠯ ᠢ ᠴᠤᠭᠯᠠᠭᠤᠯᠬᠤ᠂ ᠡᠮᠬᠢᠳᠬᠡᠬᠦ᠂ ᠨᠠᠶᠢᠷᠠᠭᠤᠯᠬᠤ ᠠᠵᠢᠯ ᠢ ᠬᠢᠵᠦ | ᠡᠬᠢᠯᠡᠵᠠᠢ᠃ ᠢᠩᠬᠢᠭᠡᠳ ᠬᠡᠳᠦᠨ ᠠᠷᠪᠠᠨ ᠵᠢᠯ ᠤᠶᠤᠨ ᠪᠢᠯᠢᠭ ᠢᠶᠠᠨ ᠲᠠᠶᠢᠴᠢᠯᠠᠨ᠂ ᠵᠢᠷᠦᠬᠡᠨ ᠲᠠᠮᠢᠷ ᠢᠶᠠᠨ | ᠰᠢᠪᠬᠠᠵᠤ᠂ ᠬᠠᠳᠠᠭᠤᠵᠢᠯᠲᠠᠢ ᠴᠢᠷᠮᠠᠶᠢᠭᠰᠠᠨ ᠠᠴᠠ ᠰᠦᠨᠢᠳ ᠠᠷᠠᠳ ᠤᠨ ᠢᠶᠠᠨ ᠤᠯᠠᠮᠵᠢᠯᠠᠯᠲᠦ ᠰᠤᠶᠤᠯ ᠲᠡᠤᠬᠡ ᠶᠢ | ᠰᠤᠷᠪᠤᠯᠵᠢᠯᠠᠨ ᠴᠤᠭᠯᠠᠭᠤᠯᠵᠦ᠂ ᠡᠮᠬᠢᠳᠬᠡᠨ ᠨᠠᠶᠢᠷᠠᠭᠤᠯᠤᠨ᠂ ᠰᠢᠨᠵᠢᠯᠡᠨ ᠰᠤᠳᠤᠯᠤᠭᠠᠳ ᠬᠤᠷᠢ ᠭᠠᠷᠤᠢ ᠨᠤᠮ | ᠲᠡᠪᠳᠡᠷ ᠬᠡᠪᠯᠡᠬᠦᠯᠦᠨ ᠨᠡᠶᠢᠳᠡᠯᠠᠵᠦ᠂ ᠪᠠᠰᠠ ᠡᠳᠦᠢ ᠲᠡᠳᠦᠢ ᠡᠷᠳᠡᠮ ᠰᠢᠨᠵᠢᠯᠡᠭᠡᠨ ᠤ ᠦᠬᠦᠯᠡᠯ ᠪᠢᠴᠢᠵᠦ | ᠨᠠᠶᠢᠳᠠᠯᠡᠬᠦᠯᠵᠠᠢ᠃ | | | | | ᠭᠠᠯᠢᠩᠳᠠᠷᠠ ᠠᠪᠤᠭᠠᠢ ᠶᠢᠨ ᠡᠨᠡᠬᠦ ᠬᠤᠷᠢ ᠭᠠᠷᠤᠢ ᠵᠢᠯ ᠤᠨ ᠳᠤᠳᠤᠷ᠎ᠠ ᠬᠡᠪᠯᠡᠬᠦᠯᠵᠦ ᠨᠡᠶᠢᠳᠡᠯᠡᠭᠰᠡᠨ ᠵᠤᠬᠢᠶᠠᠯ | ᠪᠥᠲᠦᠭᠡᠯ ᠳᠤ ᠮᠤᠩᠭᠤᠯ ᠨᠤᠳᠤᠭ ᠤᠨ ᠪᠠᠶᠢᠭᠠᠯᠢ ᠤᠪᠤᠭ ᠠᠶᠢᠮᠠᠭ ᠤᠨ ᠲᠡᠤᠬᠡ᠂ ᠱᠠᠰᠢᠨ ᠰᠢᠳᠦᠯᠭᠡ᠂ ᠵᠠᠩᠰᠢᠯ | ᠶᠤᠰᠤ᠂ ᠭᠠᠷ ᠤᠶᠢᠯᠡᠳᠪᠦᠷᠢᠯᠡᠯ ᠠᠴᠠ ᠠᠪᠤᠭᠠᠳ ᠲᠦᠷᠦ ᠵᠠᠰᠠᠭ᠂ ᠬᠠᠤᠯᠢ ᠴᠠᠭᠠᠵᠠ᠂ ᠴᠡᠷᠢᠭ ᠵᠡᠪᠰᠡᠭ᠂ ᠲᠠᠶᠢᠨ | ᠪᠠᠶᠢᠯᠳᠤᠭᠠᠨ᠂ ᠪᠢᠴᠢᠭ ᠰᠤᠶᠤᠯ᠂ ᠤᠷᠠᠯᠢᠭ ᠲᠠᠮᠢᠷ᠂ ᠡᠮ ᠡᠮᠨᠡᠯᠭᠡ ᠳᠤ ᠬᠦᠷᠳᠡᠯ᠎ᠠ ᠬᠢ ᠨᠡᠶᠢᠭᠡᠮ ᠤᠨ ᠬᠦᠷᠢᠶᠠᠨ | ᠳᠠᠬᠢ ᠤᠯᠠᠮᠵᠢᠯᠠᠯᠲᠦ ᠰᠤᠶᠤᠯ ᠤᠨ ᠦᠷᠭᠡᠨ ᠲᠡᠯᠭᠡᠷ ᠠᠭᠤᠯᠭ᠎ᠠ ᠬᠠᠮᠤᠷᠤᠭᠳᠠᠭᠰᠠᠨ ᠠᠵᠠᠢ᠃ ᠡᠭᠦᠪᠡᠷ ᠵᠤᠭᠰᠤᠬᠤ | ᠦᠭᠡᠢ ᠨᠠᠮ ᠤᠨ ᠲᠡᠤᠬᠡ᠂ ᠠᠷᠠᠳᠴᠢᠯᠠᠭᠰᠠᠨ ᠵᠠᠰᠠᠭ᠂ ᠤᠷᠤᠨ ᠨᠤᠳᠤᠭ ᠤᠨ ᠡᠯ᠎ᠡ ᠲᠠᠯ᠎ᠠ ᠶᠢᠨ ᠬᠦᠭᠵᠢᠯᠳᠡ | ᠬᠤᠪᠢᠷᠠᠯᠳᠠ ᠶᠢ ᠬᠦᠷᠳᠡᠯ᠎ᠡ ᠪᠠᠭᠳᠠᠭᠠᠵᠠᠢ᠃ ᠲᠦᠯᠦᠭᠡᠯᠡᠬᠦ ᠪᠥᠲᠦᠭᠡᠯ ᠤᠳ ᠭᠡᠪᠡᠯ᠄ | ᠠᠷᠪᠠ ᠠᠴᠠ ᠬᠤᠷᠢᠨ ᠲᠦᠮᠡᠨ ᠦᠰᠦᠭ ᠪᠦᠬᠦᠢ ᠵᠤᠬᠢᠶᠠᠯ ᠪᠥᠲᠦᠭᠡᠯ ᠨᠦᠭᠦᠳ᠄ ︽ᠰᠦᠨᠢᠳ ᠪᠠᠷᠠᠭᠤᠨ | ᠬᠤᠰᠢᠭᠤᠨ ᠤ ᠴᠢᠯᠦᠭᠡᠯᠡᠯᠳᠡ ᠪᠠ ᠠᠷᠠᠳᠴᠢᠯᠠᠭᠰᠠᠨ ᠵᠠᠰᠠᠭ︾᠂ ︽ᠰᠦᠨᠢᠳ ᠠᠶᠢᠮᠠᠭ ᠤᠨ ᠡᠭᠦᠰᠦᠯᠳᠡ | ᠬᠤᠪᠢᠰᠤᠯᠳᠠ︾᠂ ︽ᠰᠦᠨᠢᠳ ᠪᠠᠷᠠᠭᠤᠨ ᠬᠤᠰᠢᠭᠤᠨ ᠤ ᠮᠠᠯ ᠠᠵᠦ ᠠᠬᠤᠢ ᠶᠢᠨ ᠶᠡᠭᠡ ᠬᠤᠪᠢᠷᠠᠯᠳᠠ︾᠂ ︽ | ᠰᠦᠨᠢᠳ ᠤᠨ ᠨᠡᠬᠦᠳᠡᠯ ᠮᠠᠯᠵᠢᠯ ᠤᠨ ᠲᠤᠬᠠᠢ ᠨᠤᠳᠤᠭ ᠤᠨ ᠪᠤᠭᠤᠷᠤᠯᠴᠤᠳ ᠤᠨ ᠳᠤᠷᠠᠳᠬᠠᠯ︾᠂ ︽ | ᠰᠠᠶᠢᠬᠠᠠᠠᠥ᠋ᠯᠵᠡᠢ ᠰᠤᠮᠤᠨ ᠤ ᠴᠠᠳᠢᠭ︾᠂ ︽ᠠᠴᠠᠳᠤᠠᠠᠭᠤᠯᠠ ᠰᠤᠮᠤᠨ ᠤ ᠴᠠᠳᠢᠭ︾᠂ ︽ᠦᠷᠭᠡᠨᠳᠡᠯ᠎ᠡ ᠰᠤᠮᠤᠨ ᠤ | ᠴᠠᠳᠢᠭ︾᠂ ︽ᠮᠤᠩᠭᠤᠯ ᠭᠡᠷ ᠤᠨ ᠤᠯᠠᠮᠵᠢᠯᠠᠯᠲᠦ ᠶᠤᠰᠤᠨ︾᠂ ︽ᠰᠦᠨᠢᠳ ᠤᠨ ᠢᠵᠠᠭᠤᠷ ᠰᠢᠳᠦᠯᠭᠡ︾᠂ ︽ | ᠰᠦᠨᠢᠳ ᠪᠦᠬᠡ︾᠂ ︽ᠰᠦᠨᠢᠳ ᠤᠨ ᠲᠡᠤᠬᠡ ᠰᠤᠶᠤᠯ︾᠂ ︽ᠲᠠᠮᠠᠴᠢ ᠶᠢᠨ ᠬᠤᠷᠳᠤᠨ ᠬᠥᠯᠦᠭ︾᠂ ︽ᠠᠮᠢ | ᠨᠠᠰᠦ ᠶᠢ ᠤᠷᠳᠤᠳᠬᠠᠵᠦ᠂ ᠪᠡᠶ᠎ᠡ ᠶᠢ ᠡᠷᠡᠭᠦᠯᠵᠢᠬᠦᠯᠬᠦ ᠤᠮᠳᠠᠭᠠᠨ — ᠴᠡᠭᠡ︾᠂ ︽ᠪᠢᠯᠡᠭᠦᠲᠦ ᠰᠦᠮ᠎ᠡ ᠶᠢᠨ | ᠲᠡᠤᠬᠡ︾ ᠭᠡᠬᠦ ᠮᠡᠲᠦ᠃ | ᠲᠦᠴᠢᠨ ᠲᠦᠮᠡᠨ ᠦᠰᠦᠭ ᠠᠴᠠ ᠵᠠᠭᠤᠨ ᠲᠦᠮᠡᠨ ᠦᠰᠦᠭ ᠪᠦᠬᠦᠢ ᠲᠤᠮᠤᠬᠠᠨ ᠪᠥᠲᠦᠭᠡᠯ ᠨᠦᠭᠦᠳ᠄ | ︽ᠮᠤᠩᠭᠤᠯ ᠵᠠᠩ ᠤᠶᠢᠯᠡ ᠶᠢᠨ ᠨᠡᠪᠳᠡᠷᠬᠡᠢ ᠲᠤᠯᠢ︾ ᠶᠢᠨ ᠠᠵᠦ ᠠᠬᠤᠢ ᠶᠢᠨ ᠪᠤᠳᠢ᠃ ᠲᠤᠰ ᠨᠤᠮ ᠢ | ᠪᠥᠷᠢᠨᠳᠡᠭᠦᠰ ᠭᠤᠤᠯᠯᠠᠨ ᠨᠠᠶᠢᠷᠠᠭᠤᠯᠤᠭᠰᠠᠨ ᠪᠤᠯᠪᠠᠴᠤ ᠭᠠᠯᠢᠩᠳᠠᠷᠠ ᠠᠪᠤᠭᠠᠢ᠂ ᠲᠤᠰ ᠲᠤᠯᠢ ᠶᠢᠨ ︽ᠠᠵᠦ ᠠᠬᠤᠢ | ᠶᠢᠨ ᠪᠤᠳᠢ︾ ᠶᠢ ᠨᠠᠶᠢᠷᠠᠭᠤᠯᠬᠤ ᠳᠤ ᠨᠠᠶᠢᠷᠠᠭᠤᠯᠤᠭᠴᠢ ᠪᠠᠷ ᠤᠷᠢᠭᠳᠠᠵᠦ᠂ ᠵᠠᠭᠤᠨ ᠲᠦᠮᠡᠨ ᠦᠰᠦᠭ ᠤᠨ ᠲᠤᠮᠤ | ᠪᠤᠳᠢ ᠨᠤᠮ ᠤᠨ ᠠᠳᠤᠭᠤᠨ ᠤ ᠪᠥᠯᠦᠭ᠂ ᠦᠭᠡᠷ ᠤᠨ ᠪᠥᠯᠦᠭ᠂ ᠲᠡᠮᠡᠭᠡᠨ ᠤ ᠪᠥᠯᠦᠭ᠂ ᠪᠡᠯᠴᠢᠭᠡᠷ ᠤᠨ ᠪᠥᠯᠦᠭ᠂ | ᠨᠡᠬᠦᠳᠡᠯ ᠤᠨ ᠪᠥᠯᠦᠭ ᠭᠡᠮᠡᠬᠦ ᠶᠡᠭᠡ ᠶᠡᠭᠡ ᠪᠥᠯᠦᠭ ᠨᠦᠭᠦᠳ ᠢ ᠨᠠᠶᠢᠷᠠᠭᠤᠯᠵᠦ ᠪᠢᠴᠢᠵᠠᠢ᠃ ᠡᠨᠡ ᠨᠠᠶᠢᠷᠠᠭᠤᠯᠤᠭᠰᠠᠨ | ᠠᠭᠤᠯᠭ᠎ᠠ ᠪᠦᠬᠦ ᠨᠤᠮ ᠤᠨ ᠬᠠᠭᠠᠰ ᠠᠭᠤᠯᠭ᠎ᠠ ᠶᠢ ᠡᠵᠡᠯᠡᠵᠦ ᠪᠠᠶᠢᠭ᠎ᠠ ᠪᠤᠯᠬᠤᠷ ᠢᠨᠠᠲᠦ ᠵᠠᠬ᠎ᠠ ᠳᠠᠭᠠᠨ 40 — | 50 ᠲᠦᠮᠡᠨ ᠦᠰᠦᠭ ᠤᠨ ᠠᠭᠤᠯᠭ᠎ᠠ ᠪᠦᠬᠦᠢ ᠵᠤᠶᠢᠯ ᠢ ᠨᠠᠶᠢᠷᠠᠭᠤᠯᠵᠦ ᠥᠭᠴᠠᠢ᠃ | ︽ᠰᠦᠨᠢᠳ ᠤᠨ ᠨᠡᠬᠦᠳᠡᠯ ᠮᠠᠯᠵᠢᠯ ᠤᠨ ᠲᠡᠤᠬᠡ ᠰᠤᠶᠤᠯ︾ ᠭᠡᠮᠡᠬᠦ 50 ᠲᠦᠮᠡᠨ ᠦᠰᠦᠭ ᠤᠨ ᠨᠤᠮ ᠢ | ᠨᠠᠶᠢᠷᠠᠭᠤᠯᠤᠨ ᠵᠤᠬᠢᠶᠠᠵᠦ᠂ ᠥᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠬᠦᠯᠦᠨ | ᠨᠡᠶᠢᠳᠡᠯᠡᠵᠡᠢ᠃ ᠠᠳᠤᠭᠤ ᠰᠤᠳᠤᠯᠤᠭᠴᠢ ᠮᠠᠩᠯᠠᠢ ᠳ᠋ᠤᠺᠲ᠋ᠤᠷ ᠲᠠᠢ ᠬᠠᠮᠳᠤᠷᠠᠨ ︽ᠦᠪᠦᠷ ᠮᠤᠩᠭᠤᠯᠴᠤᠳ ᠤᠨ | ᠠᠳᠤᠭᠤᠨ ᠰᠤᠶᠤᠯ︾᠂ ᠲᠦᠮᠡᠨᠪᠡᠶᠡᠷ᠂ ᠰᠠᠩᠵᠠᠶᠢᠵᠠᠪ ᠲᠠᠢ ᠬᠠᠮᠳᠤᠷᠠᠨ ︽ᠪᠦᠷᠬᠦᠳ ᠤᠨ ᠲᠠᠮᠳᠢᠨ ᠪᠠ ᠲᠡᠬᠦᠨ ᠤ | ᠶᠡᠭᠡ ᠪᠦᠳᠦᠭᠡᠯ︾ ᠭᠡᠬᠦ ᠨᠤᠮ ᠢ ᠨᠠᠶᠢᠷᠠᠭᠤᠯᠤᠨ ᠭᠡᠪᠯᠡᠬᠦᠯᠵᠡᠢ᠃ | ︽ᠰᠦᠨᠢᠳ ᠪᠠᠷᠠᠭᠤᠨ ᠬᠤᠰᠢᠭᠤᠨ ᠤ ᠴᠠᠳᠢᠭ︾ ᠭᠡᠮᠡᠬᠦ 110 ᠲᠦᠮᠡᠨ ᠦᠰᠦᠭ ᠤᠨ ᠲᠤᠮᠤ ᠪᠥᠲᠦᠭᠡᠯ ᠢ | ᠨᠠᠶᠢᠷᠠᠭᠤᠯᠤᠨ ᠪᠢᠴᠢᠵᠦ᠂ ᠥᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠬᠡᠪᠯᠡᠬᠦᠯᠵᠡᠢ᠃ ᠲᠤᠰ | ᠪᠤᠳᠢ ᠶᠢᠨ 10 ᠲᠦᠮᠡᠨ ᠦᠰᠦᠭ ᠤᠨ ᠠᠭᠤᠯᠭ᠎ᠠ ᠶᠢ ᠦᠭᠡᠷ᠎ᠡ ᠬᠦᠮᠥᠨ ᠪᠢᠴᠢᠵᠦ 100 ᠲᠦᠮᠡᠨ ᠦᠰᠦᠭ ᠤᠨ | ᠠᠭᠤᠯᠭ᠎ᠠ ᠪᠦᠬᠦᠢ ᠵᠤᠶᠢᠯ ᠢ ᠨᠢ ᠪᠦᠬᠦᠨ ᠢ ᠭᠠᠯᠢᠩᠳᠠᠷᠠ ᠠᠪᠤᠭᠠᠢ ᠠᠷᠪᠠᠨ ᠵᠢᠯ ᠭᠠᠷᠤᠢ ᠶᠢᠨ ᠬᠤᠭᠤᠴᠠᠭᠠᠨ ᠳᠤ | ᠴᠦᠬᠦᠷᠡᠯ ᠦᠭᠡᠢ ᠴᠢᠷᠮᠠᠶᠢᠵᠦ ᠪᠠᠶᠢᠭᠠᠳ ᠪᠢᠴᠢᠵᠦ ᠲᠡᠭᠦᠰᠬᠡᠵᠠᠢ᠃ ᠡᠬᠦᠨ ᠠᠴᠠ ᠭᠠᠳᠠᠨ᠎ᠠ ︽ᠨᠢᠭᠤᠴᠠ | ᠲᠤᠪᠴᠢᠶᠠᠨ ᠳᠠᠬᠢ ᠰᠦᠨᠢᠳ ᠤᠪᠤᠭ ᠤᠨ ᠲᠡᠮᠳᠡᠭᠯᠡᠯ ᠢ ᠰᠡᠵᠢᠭᠯᠡᠬᠦ ᠨᠢ︾᠂ ︽ᠰᠦᠨᠢᠳ ᠠᠶᠢᠮᠠᠭ ᠤᠨ ᠬᠠᠩᠬᠢᠨ | ᠤᠪᠤᠭ ᠪᠠ ᠲᠡᠳᠡᠨ ᠤ ᠰᠢᠳᠦᠭᠡᠨ︾᠂ ︽ᠮᠤᠩᠭᠤᠯ ᠤᠨ ᠬᠦᠳᠡᠭᠡ ᠲᠦᠮᠡᠨ᠂ ᠯᠢᠭᠳᠡᠨ ᠬᠠᠭᠠᠨ ᠤ ᠦᠶ᠎ᠡ ᠳᠠᠬᠢ | ᠰᠦᠨᠢᠳ ᠠᠶᠢᠮᠠᠭ︾᠂ ︽ᠰᠦᠨᠢᠳ ᠤᠨ ᠤᠯᠠᠷᠢᠭᠰᠠᠨ ᠲᠡᠤᠬᠡᠨ ᠰᠤᠷᠠᠭ︾᠂ ︽ᠰᠦᠨᠢᠳ ᠠᠶᠢᠮᠠᠭ ᠪᠠ ᠰᠦᠨᠢᠳ | ᠤᠨ ᠠᠬᠠᠯᠠᠭᠴᠢ ᠬᠢᠯᠦᠭᠡᠲᠠᠢ ᠶᠢᠨ ᠮᠤᠩᠭᠤᠯ ᠤᠨ ᠶᠡᠭᠡ ᠬᠠᠭᠠᠨᠲᠦ ᠤᠯᠤᠰ ᠢ ᠪᠠᠶᠢᠭᠤᠯᠬᠤ ᠳᠤ ᠡᠷᠭᠦᠭᠰᠡᠨ ᠭᠠᠪᠢᠶ᠎ᠠ | ᠵᠢᠳᠬᠦᠯ︾ ᠭᠡᠬᠦ ᠮᠡᠲᠦ ᠡᠷᠳᠡᠮ ᠰᠢᠨᠵᠢᠯᠡᠭᠡᠨ ᠤ ᠦᠬᠦᠯᠡᠯ ᠨᠦᠭᠦᠳ ᠢ ᠪᠢᠴᠢᠵᠦ ᠤᠷᠤᠨ᠂ ᠠᠶᠢᠮᠠᠭ᠂ ᠬᠤᠰᠢᠭᠤᠨ ᠤ | ᠬᠡᠪᠴᠢᠶᠠᠨ ᠳᠠᠬᠢ ᠰᠡᠳᠬᠦᠯ ᠨᠦᠭᠦᠳ ᠲᠡᠭᠡᠷ᠎ᠡ ᠨᠡᠶᠢᠳᠡᠯᠡᠬᠦᠯᠵᠡᠢ᠃ | | | | | ᠭᠠᠯᠢᠩᠳᠠᠷᠠ ᠠᠪᠤᠭᠠᠢ ᠶᠢᠨ ᠵᠤᠬᠢᠶᠠᠭᠰᠠᠨ ︽ᠮᠤᠩᠭᠤᠯ ᠭᠡᠷ ᠤᠨ ᠵᠠᠩᠰᠢᠯ ᠶᠤᠰᠤᠨ︾ ᠭᠡᠮᠡᠬᠦ ᠨᠤᠮ ᠨᠢ | 1993 ᠤᠨ ᠳᠤ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠲᠦᠷᠪᠡᠳᠦᠭᠡᠷ ᠬᠤᠭᠤᠴᠠᠭᠠᠨ ᠤ | ᠨᠡᠶᠢᠭᠡᠮ ᠤᠨ ᠰᠢᠨᠵᠢᠯᠡᠬᠦ ᠤᠬᠠᠭᠠᠨ ᠤ ᠰᠢᠯᠢᠳᠡᠭ ᠪᠥᠲᠦᠭᠡᠯ ᠤᠨ ᠰᠢᠯᠭᠠᠷᠠᠭᠤᠯᠤᠯᠳᠠ ᠳᠤ ᠭᠤᠷᠪᠠᠳᠤᠭᠠᠷ ᠲᠡᠰ ᠤᠨ | ᠪᠥᠲᠦᠭᠡᠯ ᠢᠶᠠᠷ ᠰᠤᠩᠭᠤᠭᠳᠠᠨ ᠦᠨᠡᠮᠯᠡᠯ ᠤᠯᠵᠠᠢ᠃ ︽ᠰᠦᠨᠢᠳ ᠪᠠᠷᠠᠭᠤᠨ ᠬᠤᠰᠢᠭᠤᠨ ᠤ ᠴᠠᠳᠢᠭ︾ ᠭᠡᠮᠡᠬᠦ | ᠪᠥᠲᠦᠭᠡᠯ ᠨᠢ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠠᠴᠠ | ᠤᠷᠤᠨ ᠤ ᠡᠯ᠎ᠡ ᠠᠶᠢᠮᠠᠭ ᠬᠤᠰᠢᠭᠤᠨ ᠤ ᠨᠠᠶᠢᠷᠠᠭᠤᠯᠵᠦ ᠬᠡᠪᠯᠡᠬᠦᠯᠦᠭᠰᠡᠨ ︽ᠤᠶᠢᠯᠠᠯᠭ᠎ᠠ︾ ᠨᠤᠭᠤᠳ ᠢ ᠲᠡᠰ | ᠢᠯᠭᠠᠨ ᠰᠤᠩᠭᠤᠵᠦ ᠢᠯᠭᠠᠷᠠᠭᠤᠯᠬᠤ ᠳᠤ ᠪᠦᠬᠦ ᠤᠷᠤᠨ ᠤ ᠬᠡᠪᠴᠢᠶᠠᠨ ᠳᠤ ᠬᠤᠶᠠᠳᠤᠭᠠᠷ ᠲᠡᠰ ᠢᠶᠠᠷ | ᠲᠤᠭᠳᠠᠭᠠᠭᠳᠠᠵᠦ᠂ ᠬᠤᠶᠠᠳᠤᠭᠠᠷ ᠲᠡᠰ ᠤᠨ ᠦᠨᠡᠮᠯᠡᠯ ᠬᠦᠷᠳᠡᠵᠡᠢ᠃ ︽ᠲᠠᠮᠠᠴᠢ ᠶᠢᠨ ᠬᠤᠷᠳᠤᠨ ᠬᠥᠯᠦᠭ︾ ᠭᠡᠮᠡᠬᠦ | ᠵᠤᠬᠢᠶᠠᠯ ᠨᠢ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠠᠷᠠᠳ ᠤᠨ ᠰᠤᠶᠤᠯ ᠤᠨ ︽ᠠᠷᠠᠳ︾ | ᠱᠠᠩᠨᠠᠯ ᠤᠨ ᠰᠢᠯᠭᠠᠷᠠᠭᠤᠯᠤᠯᠳᠠ ᠳᠤ ᠰᠢᠯᠢᠳᠡᠭ ᠪᠥᠲᠦᠭᠡᠯ ᠤᠨ ᠱᠠᠩᠨᠠᠯ ᠬᠦᠷᠳᠡᠵᠦ ᠦᠨᠡᠮᠯᠡᠯ ᠤᠯᠵᠠᠢ᠃ | ᠭᠠᠯᠢᠩᠳᠠᠷᠠ ᠠᠪᠤᠭᠠᠢ ᠥᠪᠡᠷ ᠢᠶᠠᠨ 2004 ᠤᠨ ᠳᠤ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ | ᠠᠩᠬᠠᠳᠤᠭᠠᠷ ᠤᠳᠠᠭᠠᠨ ᠤ ︽ᠠᠷᠠᠳ︾ ᠨᠡᠷᠡᠮᠵᠢᠲᠦ ᠠᠷᠠᠳ ᠤᠨ ᠰᠤᠶᠤᠯ ᠤᠨ ᠱᠠᠩᠨᠠᠯ ᠤᠨ ᠰᠢᠯᠭᠠᠷᠠᠭᠤᠯᠤᠯᠳᠠ | ᠳᠤ ᠠᠷᠠᠳ ᠤᠨ ᠰᠤᠶᠤᠯ ᠤᠨ ᠭᠠᠷᠮᠠᠭᠠᠢ ᠵᠢᠳᠬᠦᠯᠳᠡᠨ ᠢᠶᠠᠷ ᠲᠠᠷᠬᠠᠯᠠᠭᠳᠠᠵᠦ ᠦᠨᠡᠮᠯᠡᠯ ᠬᠦᠷᠳᠡᠵᠡᠢ᠃ | | | | | ᠦᠢᠷ᠎ᠠ ᠶᠢᠨ ᠵᠢᠯ ᠳᠤ ᠭᠠᠯᠢᠨᠳᠠᠷᠠ ᠭᠤᠸᠠᠢ ᠦᠳᠡᠯᠦᠭᠡ ᠨᠠᠰᠤᠨ ᠤ ᠭᠡᠷᠡᠯ ᠬᠢᠯᠪᠠᠭ᠎ᠠ ᠪᠠᠨ ᠪᠠᠳᠠᠷᠠᠭᠤᠯᠤᠨ᠂ | ᠨᠡᠩ ᠮᠠᠬᠠᠷᠠᠨ ᠴᠢᠷᠮᠠᠶᠢᠵᠤ᠂ ᠰᠦᠨᠢᠳ ᠰᠤᠶᠤᠯ ᠤᠨ ᠲᠤᠬᠠᠢ ᠠᠯᠢ ᠤᠯᠠᠨ ᠪᠦᠳᠦᠭᠡᠯ ᠢᠶᠠᠨ ᠲᠤᠭᠤᠷᠪᠢᠵᠤ᠂ | 2016 ᠤᠨ ᠠᠴᠠ ᠨᠠᠰᠢ ︽ᠰᠦᠨᠢᠳ ᠤᠨ ᠤᠪᠤᠭᠠᠨ ᠰᠤᠶᠤᠯ︾᠂ ︽ᠰᠦᠨᠢᠳ ᠤᠨ ᠰᠦᠮ᠎ᠡ ᠭᠡᠶᠢᠳ︾᠂ ︽ | ᠰᠦᠨᠢᠳ ᠬᠤᠷᠢᠮ ᠨᠠᠶᠢᠷ︾ ᠵᠡᠷᠭᠡ ᠠᠷᠪᠠᠭᠠᠳ ᠨᠤᠮ ᠢᠶᠠᠨ ᠭᠡᠪᠯᠡᠬᠦᠯᠦᠭᠡᠳ ᠪᠤᠢ᠃ | ᠡᠳᠦᠭᠡ ᠭᠠᠯᠢᠩᠳᠠᠷᠠ ᠭᠤᠸᠠᠢ ᠨᠠᠶᠠᠨ ᠲᠠᠪᠤᠨ ᠤ ᠦᠨᠳᠦᠷ ᠨᠠᠰᠤ ᠪᠠᠨ ᠤᠭᠳᠤᠵᠤ ᠪᠠᠶᠢᠭ᠎ᠠ ᠴᠤ ᠡᠳᠦᠷ | ᠰᠦᠨᠢ ᠶᠢ ᠲᠡᠮᠡᠴᠡᠨ ᠠᠵᠢᠯᠯᠠᠵᠤ᠂ ᠬᠤᠶᠠᠷ ᠶᠡᠭᠡ ᠰᠤᠳᠤᠯᠭᠠᠨ ᠤ ᠪᠦᠳᠦᠭᠡᠯ ᠢᠶᠠᠨ ᠡᠨᠡ ᠵᠢᠯ ᠭᠡᠪᠯᠡᠯ ᠳᠤ ᠦᠭᠬᠦ ᠪᠠᠷ | ᠪᠡᠶ᠎ᠡ ᠰᠡᠳᠬᠢᠯ ᠢᠶᠠᠨ ᠲᠠᠶᠢᠴᠢᠯᠡᠨ ᠮᠡᠷᠡᠶᠢᠵᠤ ᠪᠠᠶᠢᠭ᠎ᠠ ᠨᠢ ᠪᠢᠰᠢᠷᠡᠬᠦᠰᠢᠳᠠᠢ᠃ ᠭᠠᠯᠢᠩᠳᠠᠷᠠ ᠭᠤᠸᠠᠢ ᠡᠩᠭᠡᠷ ᠲᠡᠭᠡᠨ | ᠬᠢᠯᠠᠯᠵᠠᠬᠤ ᠠᠯᠳᠠᠨ ᠮᠧᠲᠠᠯ ᠢᠶᠠᠨ ᠵᠢᠭᠠᠭᠠᠳ᠄ ︽ᠨᠠᠮ ᠵᠠᠰᠠᠭ ᠤᠨ ᠬᠠᠯᠠᠮᠵᠢ ᠲᠡᠮᠵᠢᠯᠭᠡ ᠪᠠᠶᠢᠬᠤ ᠦᠭᠡᠢ ᠪᠤᠯ | ᠭᠠᠯᠢᠩᠳᠠᠷᠠ ᠪᠢ ᠶᠠᠭᠤ ᠪᠠᠨ ᠪᠦᠳᠦᠭᠡᠵᠤ ᠴᠢᠳᠠᠬᠤ ᠪᠤᠢ ᠳ᠋ᠧ᠂ ᠨᠠᠮ ᠵᠠᠰᠠᠭ ᠤᠨ ᠬᠠᠮᠢᠶ᠎ᠠ ᠲᠠᠢ ᠤᠳᠤᠷᠢᠳᠤᠯᠭ᠎ᠠ | ᠴᠠᠭᠠᠨ ᠰᠠᠷ᠎ᠠ ᠶᠢᠨ ᠲᠤᠬᠤᠨᠢᠭᠤᠯᠭ᠎ᠠ ᠬᠢᠵᠤ᠂ ᠠᠯᠳᠠᠨ ᠮᠧᠲᠠᠯ ᠵᠡᠬᠦᠯᠭᠡᠯᠡ᠂ ᠬᠤᠰᠢᠭᠤᠨ ᠤ ᠨᠠᠮ ᠵᠠᠰᠠᠭ ᠤᠨ | ᠬᠠᠯᠠᠮᠵᠢ ᠳᠤ ᠲᠠᠯᠠᠷᠬᠠᠯ᠎ᠠ︾ ᠭᠡᠵᠤ ᠪᠠᠶᠠᠷᠳᠠᠶᠢᠬᠠᠨ ᠶᠠᠷᠢᠵᠤ ᠰᠠᠭᠤᠨ᠎ᠠ᠃ | | | |