︽ᠤᠯᠤᠰ ᠤᠨ ᠬᠡᠦᠬᠡᠳ︾  ᠨᠠᠷᠠᠨᠲᠤᠶᠠᠭ᠎ᠠ
ᠨᠡᠶᠢᠲᠡᠯᠡᠭᠰᠡᠨ ᠴᠠᠭ᠄
2021/1/29
            ᠬᠠᠶᠢᠷ᠎ᠠ ᠪᠠᠷ ᠤᠯᠠᠮᠵᠢᠯᠠᠬᠰᠠᠨ ᠭᠤᠷᠪᠠᠨ ᠦᠶ᠎ᠡ ᠶᠢᠨ ᠡᠷᠬᠦᠮᠡᠯ                                           ᠴᠢᠮᠡᠭᠡᠯᠡᠭᠴᠢ᠄ ᠨᠠ᠊᠂ ᠪᠠᠶᠠᠨᠵᠢᠷᠭᠠᠯ                              ᠤᠯᠤᠰ ᠤᠨ ᠬᠡᠤᠬᠡᠳ ᠤᠨ ᠰᠤᠷᠪᠤᠯᠵᠢᠯᠠᠭ᠎ᠠ ᠪᠠᠷ ᠰᠦᠨᠢᠳ ᠪᠠᠷᠠᠭᠤᠨ ᠬᠤᠰᠢᠭᠤᠨ ᠤ ᠰᠠᠶᠢᠬᠠᠨᠲᠠᠯ᠎ᠠ ᠪᠠᠯᠭᠠᠰᠣᠨ ᠤ ᠪᠠᠷᠠᠭᠤᠨᠪᠣᠯᠠᠭ ᠭᠠᠴᠠᠭᠠᠨ ᠤ ᠮᠠᠯᠴᠢᠨ  ᠨᠤᠳᠤᠭ ᠤᠨ ᠪᠤᠭᠤᠷᠤᠯ ᠨᠠᠷᠠᠨᠳᠤᠶᠠᠭ᠎ᠠ ᠭᠤᠸᠠᠢ ᠶᠢ ᠰᠤᠷᠪᠤᠯᠵᠢᠯᠠᠯ᠎ᠠ᠃ ᠲᠡᠷᠡ 1958 ᠣᠨ ᠳᠤ ᠠᠩᠬᠠᠨ ᠤ ᠪᠥᠯᠦᠭ ︽ᠣᠯᠣᠰ ᠤᠨ ᠬᠡᠦᠬᠡᠳ︾᠎ ᠤᠳ ᠲᠠᠢ ᠬᠠᠮᠲᠣ ᠰᠦᠨᠢᠳ ᠪᠠᠷᠠᠭᠤᠨ ᠬᠤᠰᠢᠭᠤᠨ ᠳᠤ ᠢᠷᠡᠵᠡᠢ᠂ ᠣᠣᠯ ᠤᠨ ᠳᠦᠭᠦᠷᠡᠩᠡᠦ᠋ᠯᠵᠡᠢ ᠨᠢᠭᠡᠳᠦᠯ ᠤᠨ ᠪᠠᠶᠠᠨᠬᠤᠩᠭᠤᠷ ᠪᠠᠷᠢᠭᠠᠳᠠ ᠶᠢᠨ ᠮᠠᠯᠴᠢᠨ ᠠᠪᠤ ᠴᠣᠶᠢᠵᠠᠮᠰᠣ᠂ ᠡᠵᠢ ᠨᠠᠮᠵᠢᠯ ᠬᠤᠶᠠᠷ ᠤᠯᠠᠭᠠᠨ ᠨᠢᠯᠬ᠎ᠠ ᠪᠠᠶᠢᠬᠰᠠᠨ ᠬᠡᠤᠬᠡᠳ ᠢ ᠦᠷᠡᠴᠢᠯᠡᠨ ᠲᠡᠵᠢᠬᠡᠵᠤ᠂ ᠨᠠᠮ ᠵᠠᠰᠠᠭ ᠤᠨ ᠬᠠᠯᠠᠮᠵᠢ᠂ ᠮᠣᠩᠭᠤᠯ ᠠᠪᠤ ᠡᠵᠢ ᠶᠢᠨ  ᠡᠨᠡᠷᠢᠯ ᠬᠠᠶᠢᠷ᠎ᠠ ᠳᠤ ᠪᠦᠦᠪᠡᠶᠢᠯᠡᠭᠳᠡᠨ᠂ ᠠᠵᠢᠯᠴᠢ ᠬᠥᠳᠡᠯᠮᠦᠷᠢᠴᠢ ᠠᠭᠤᠳᠠᠮᠴᠢ ᠴᠠᠶᠢᠯᠭᠠᠨ ᠰᠡᠳᠬᠢᠯ ᠲᠠᠢ ᠮᠠᠯᠴᠢᠨ ᠪᠥᠰᠡᠭᠦᠢ ᠪᠣᠯᠵᠡᠢ᠃
     ᠦᠳᠡᠯᠤᠬᠡ ᠨᠠᠰᠤᠨ ᠤ ᠨᠠᠷᠠᠨᠳᠤᠶᠠᠭ᠎ᠠ          ᠨᠠᠷᠠᠨᠳᠤᠶᠠᠭ᠎ᠠ᠄ ︽ᠮᠢᠨᠦ ᠨᠠᠭᠠᠴᠣ ᠡᠮᠡᠭᠡ ᠪᠣᠯᠣᠨ ᠡᠵᠢ ᠮᠢᠨᠢ ᠪᠦᠷ ᠠᠶᠢᠯ ᠤᠨ ᠡᠷᠭᠦᠮᠡᠯ ᠲᠤᠯᠠ ᠮᠠᠨ ᠤ ᠬᠢᠨ ᠪᠤᠯ ᠭᠤᠷᠪᠠᠨ ᠦᠶ᠎ᠡ ᠪᠠᠷ ᠢᠶᠠᠨ ᠡᠷᠭᠦᠮᠡᠯ ᠪᠣᠯᠣᠨ᠎ᠠ᠃ ᠠᠩᠬ᠎ᠠ ᠢᠷᠡᠬᠦ ᠳᠡᠭᠡᠨ ᠪᠢ ᠥᠯᠦᠭᠡᠢ ᠳᠤ ᠪᠤᠭᠤᠯᠲᠠ ᠲᠠᠢ ᠡᠴᠡᠵᠤ ᠬᠠᠲᠠᠭᠰᠠᠨ ᠤᠯᠠᠭᠠᠨ ᠨᠢᠯᠬ᠎ᠠ ᠬᠡᠤᠬᠡᠳ ᠪᠠᠶᠢᠭᠰᠠᠨ ᠭᠡᠵᠦ ᠠᠪᠤ ᠡᠵᠢ ᠮᠢᠨᠢ ᠶᠠᠷᠢᠳᠠᠭ ᠶᠤᠮ᠃ ᠶᠢᠰᠤᠨ ᠨᠠᠰᠤᠨ ᠠᠴᠠ ᠪᠠᠨ ᠳᠦᠭᠦᠷᠡᠩᠠᠦ᠋ᠯᠵᠡᠢ ᠨᠢᠭᠡᠳᠦᠯ ᠤᠨ ᠬᠤᠷᠭᠤ ᠰᠥᠮ᠎ᠡ ᠶᠢᠨ ᠰᠣᠷᠭᠠᠭᠤᠯᠢ ᠳᠤ ᠳᠥᠷᠪᠡᠳᠦᠭᠡᠷ ᠣᠨ ᠬᠦᠷᠳᠡᠯ᠎ᠡ ᠰᠠᠭᠤᠭᠠᠳ ᠭᠠᠩ ᠭᠠᠴᠢᠭ ᠠᠴᠠ ᠪᠣᠯᠵᠤ  ᠦᠵᠦᠮᠦᠴᠢᠨ ᠳᠤ ᠣᠲᠣᠷ ᠶᠠᠪᠣᠭᠰᠠᠨ ᠪᠣᠯᠬᠤᠷ ᠰᠣᠷᠣᠯᠭ᠎ᠠ ᠲᠣᠷᠭᠤᠨ ᠵᠣᠭᠰᠣᠵᠣ ᠭᠡᠷ ᠲᠡᠭᠡᠨ ᠬᠠᠷᠢᠭᠰᠠᠨ ᠪᠢᠯᠡ᠃ ᠮᠢᠨᠦ ᠠᠪᠤ ᠡᠵᠢ ᠪᠣᠯ ᠦᠷ᠎ᠡ ᠶᠢᠨ ᠢᠶᠠᠨ ᠲᠥᠯᠦᠭᠡ ᠠᠯᠢᠪᠠ ᠬᠠᠶᠢᠷ᠎ᠠ ᠪᠠᠨ ᠶᠡᠭᠦᠯᠡᠳᠡᠭ ᠠᠵᠢᠯᠴᠢ ᠬᠥᠳᠡᠯᠮᠦᠷᠢᠴᠢ᠂  ᠠᠰᠪᠤᠷᠢ ᠴᠠᠭᠠᠪᠣᠷᠢ ᠰᠡᠳᠬᠢᠯ ᠲᠠᠢ ᠵᠢᠩᠬᠢᠨᠢ ᠮᠠᠯᠴᠢᠨ ᠬᠥᠮᠦᠨ ᠶᠤᠮ᠃ ᠮᠠᠨ ᠤ ᠭᠡᠷ ᠤᠨ ᠰᠣᠷᠭᠠᠯ ᠲᠤᠶᠢᠯ ᠤᠨ ᠴᠢᠩᠭ᠎ᠠ ᠪᠠᠶᠢᠳᠠᠭ ᠪᠣᠯᠬᠤᠷ ᠪᠢ ᠪᠠᠭ᠎ᠠ ᠨᠠᠰᠣᠨ ᠠᠴᠠ ᠪᠠᠨ ᠠᠳᠠᠯ ᠬᠥᠳᠡᠯᠮᠦᠷᠢ ᠬᠢᠵᠦ ᠰᠣᠷᠣᠭᠰᠠᠨ᠂ ᠠᠷᠭᠠᠯ ᠣᠷᠣᠭᠤᠯᠵᠣ᠂ ᠦᠨᠡᠰᠦ ᠭᠠᠷᠭᠠᠬᠤ᠂ ᠠᠶᠠᠭ᠎ᠠ ᠣᠭᠢᠶᠠᠬᠤ᠂ ᠭᠡᠷ ᠴᠡᠪᠡᠷᠯᠡᠬᠦ ᠵᠡᠷᠭᠡ ᠠᠷᠰᠠᠷ ᠠᠵᠢᠯ ᠠᠴᠠ ᠡᠬᠢᠯᠡᠨ ᠭᠡᠷ ᠡᠷᠦᠬᠡ ᠪᠠᠨ ᠬᠡᠷᠬᠢᠨ ᠳᠣᠳᠤᠮᠳᠠᠨ ᠠᠪᠴᠣ ᠶᠠᠪᠣᠬᠤ ᠬᠦᠷᠲᠡᠯ᠎ᠡ ᠬᠤᠷᠠᠭ᠎ᠠ ᠲᠣᠭᠤᠯ ᠬᠠᠷᠢᠭᠤᠯᠬᠤ᠂ ᠣᠩᠭᠠᠰᠣ ᠨᠣᠣᠰᠣ ᠬᠠᠶᠢᠴᠢᠯᠠᠬᠤ ᠵᠡᠷᠭᠡ ᠪᠠᠭ᠎ᠠ ᠰᠠᠭ᠎ᠠ ᠠᠵᠢᠯ ᠠᠴᠠ ᠠᠪᠣᠭᠠᠳ ᠮᠠᠯ ᠰᠦᠷᠦᠭ ᠎ ᠤᠨ ᠠᠷᠠᠴᠢᠯᠠᠭ᠎ᠠ ᠳᠣᠳᠣᠮᠳᠠᠯᠭ᠎ᠠ ᠵᠡᠷᠭᠡ  ᠪᠥᠬᠦᠶᠢᠯᠡ ᠭᠡᠷ ᠤᠨ ᠭᠠᠳᠠᠨ᠎ᠠ ᠳᠣᠲᠣᠨ᠎ᠠ ᠠᠵᠢᠯ ᠢ ᠨᠢᠭᠡᠳ ᠨᠢᠭᠡ ᠪᠠᠷ ᠬᠡᠯᠡᠵᠦ ᠳᠠᠭᠠᠭᠤᠯᠣᠨ ᠬᠢᠵᠦ᠂ ᠵᠢᠭᠠᠨ  ᠰᠤᠷᠭᠠᠵᠤ᠂ ᠬᠥᠮᠦᠨ ᠤ ᠵᠡᠷᠭᠡ ᠳᠤ ᠬᠦᠷᠭᠡᠨ ᠬᠠᠷᠢ ᠳᠤ ᠮᠣᠷᠳᠠᠭᠤᠯᠣᠭᠰᠠᠨ ᠶᠤᠮ᠃ ᠮᠢᠨᠦ ᠡᠵᠢ  ᠨᠠᠳᠠᠳᠤ ᠲᠦᠢᠯ ᠤᠨ ᠬᠠᠶᠢᠷ᠎ᠠ ᠲᠠᠢ᠃ ᠳᠠᠯᠠᠭᠠᠳ ᠣᠨ ᠳᠤ ᠡᠷᠦᠬᠡ ᠶᠢᠨ ᠴᠡᠷᠢᠭ ᠲᠤ ᠤᠷᠤᠯᠴᠠᠨ᠂ ᠦᠷᠭᠦᠯᠵᠢ ᠴᠡᠷᠢᠭ ᠤᠨ ᠪᠣᠯᠪᠠᠰᠣᠷᠠᠯ ᠬᠢᠵᠦ᠂ ᠨᠢᠭᠡᠲᠦᠯ ᠤᠨ ᠠᠵᠢᠯ ᠳᠤ ᠣᠷᠣᠯᠴᠠᠵᠣ ᠪᠠᠶᠢᠬᠤ ᠳᠤ ᠪᠠᠨ ᠣᠷᠦᠢ ᠭᠡᠷ ᠲᠡᠭᠡᠨ  ᠬᠠᠷᠢᠵᠤ ᠬᠤᠨᠣᠭᠠᠳ ᠥᠷᠯᠦᠭᠡ ᠡᠷᠲᠡ ᠶᠠᠪᠣᠳᠠᠭ ᠪᠠᠶᠢᠯ᠎ᠠ᠃ ᠬᠡᠳᠦ ᠬᠤᠨᠤᠭ ᠢᠶᠠᠷ ᠭᠦᠩᠱᠧ ᠳᠤ ᠬᠤᠷᠠᠯ ᠳᠤ ᠶᠠᠪᠣᠪᠠᠯ᠂  ᠡᠵᠢ ᠮᠢᠨᠢ ᠨᠠᠮᠠᠶᠢ ᠳᠠᠭᠠᠭᠠᠳ ᠭᠦᠩᠱᠧ ᠳᠤ ᠶᠠᠪᠣᠳᠠᠭ ᠪᠠᠶᠢᠯ᠎ᠠ  ﹀﹀ ᠬᠡᠵᠤ ᠶᠠᠷᠢᠯ᠎ᠠ᠃
      ᠨᠠᠷᠠᠨᠳᠤᠶᠠᠭ᠎ᠠ ᠶᠢᠨ ᠠᠪᠤ ᠡᠵᠢ ᠬᠤᠶᠠᠷ  
     ᠬᠠᠨᠢ ᠨᠦᠬᠦᠷ ᠲᠠᠢ ᠪᠠᠨ        ᠲᠡᠷᠡ 1977 ᠣᠨ ᠳᠤ᠂ ᠣᠣᠯ ᠤᠨ ᠪᠥᠳᠦᠮᠵᠢ ᠭᠦᠩᠱᠧ ᠶᠢᠨ ᠪᠠᠷᠠᠭᠤᠨᠪᠣᠯᠠᠭ  ᠪᠠᠷᠢᠭᠠᠳᠠ ᠶᠢᠨ ᠴᠠᠭᠠᠨᠴᠢᠯᠠᠭᠤ  ᠬᠡᠳᠡᠭ ᠵᠠᠯᠠᠭᠤ ᠲᠠᠢ ᠬᠤᠷᠢᠮᠯᠠᠵᠣ᠂ ᠠᠪᠤ ᠡᠵᠢ ᠨᠢ ᠴᠤ ᠲᠡᠬᠦᠨ ᠢ ᠳᠠᠭᠠᠭᠠᠵᠤ ᠪᠠᠷᠠᠭᠤᠨᠪᠣᠯᠠᠭ ᠪᠠᠷᠢᠭᠠᠳᠠ ᠳᠤ ᠨᠣᠲᠣᠭᠰᠢᠨ ᠰᠠᠭᠤᠵᠠᠢ᠃ ᠢᠩᠭᠢᠭᠡᠳ ᠬᠤᠶᠠᠷ ᠭᠡᠷ ᠤᠨ ᠨᠠᠰᠣᠲᠠᠨ᠂ ᠨᠢᠯᠬᠠᠰ ᠬᠠᠮᠲᠣ ᠪᠠᠷ ᠵᠣᠯ ᠵᠢᠷᠭᠠᠯᠲᠠᠢ ᠠᠵᠤ ᠲᠥᠷᠦᠨ ᠠᠮᠢᠳᠣᠷᠠᠭᠰᠠᠭᠠᠷ ᠪᠠᠶᠢᠵᠣ᠂ ᠠᠪᠤ ᠡᠵᠢ ᠬᠤᠶᠠᠷ ᠨᠢ ᠠᠴᠢ ᠵᠢᠭᠡ ᠨᠠᠷ ᠢᠶᠠᠨ ᠦᠵᠡᠨ ᠪᠠᠶᠠᠰᠴᠣ᠂  ᠰᠡᠳᠬᠢᠯ ᠲᠦᠭᠦᠷᠡᠩ ᠰᠠᠨᠠᠭ᠎ᠠ ᠲᠠᠶᠢᠪᠣᠩ  ᠦᠳᠡᠯᠦᠬᠡ ᠨᠠᠰᠤᠨ ᠤ ᠠᠮᠢᠳᠤᠷᠠᠯ ᠢᠶᠠᠨ ᠪᠠᠶᠠᠷ ᠴᠡᠩᠭᠡᠯ ᠎ ᠲᠠᠢ ᠦᠩᠭᠡᠷᠡᠭᠦᠯᠵᠦ᠂ ᠨᠠᠶᠠᠨ ᠲᠠᠪᠤ᠂ ᠵᠢᠷᠭᠤᠭᠠᠳᠠᠢ ᠬᠤᠶᠢᠨ᠎ᠠ ᠬᠤᠶᠢᠨ᠎ᠠ ᠠᠴᠠ ᠪᠠᠨ ᠪᠤᠷᠬᠠᠨ ᠪᠤᠯᠵᠡᠢ᠃  ᠨᠠᠷᠠᠨᠳᠤᠶᠠᠭ᠎ᠠ ᠬᠤᠶᠠᠷ ᠪᠣᠭᠤᠷᠣᠯ ᠤᠨ ᠢᠶᠠᠨ ᠭᠠᠯ ᠭᠤᠯᠤᠮᠲᠠ ᠶᠢ ᠵᠠᠯᠭᠠᠮᠵᠢᠯᠠᠵᠤ᠂ ᠭᠤᠷᠪᠠᠨ ᠬᠡᠦᠬᠡᠨ ᠬᠤᠶᠠᠷ ᠬᠦᠦ ᠵᠠᠶᠠᠭᠠᠵᠤ᠂  ᠣᠳᠣ ᠶᠡᠭᠡ ᠬᠡᠤᠬᠡᠨ ᠨᠢ ᠪᠠᠭᠰᠢ ᠶᠢᠨ ᠠᠵᠢᠯ ᠠᠯᠪᠠ ᠲᠠᠢ᠂ ᠪᠤᠰᠤᠳ ᠲᠦᠷᠪᠡ ᠨᠢ ᠮᠠᠯᠴᠢᠨ᠂ ᠪᠦᠬᠦᠳᠡᠬᠡᠷ ᠠᠶᠢᠯ ᠬᠡᠷ ᠪᠤᠯᠵᠤ ᠵᠣᠯ ᠵᠢᠷᠭᠠᠯᠲᠠᠢ ᠠᠮᠢᠳᠤᠷᠠᠵᠤ ᠪᠠᠶᠢᠨ᠎ᠠ᠃
     ᠳᠠᠪᠤᠨ ᠬᠡᠤᠬᠡᠳ ᠨᠢ  
     ᠲᠡᠮᠤᠷ ᠬᠡᠤᠬᠡᠨ᠂ ᠡᠷᠤᠬᠡ ᠶᠢᠨ ᠴᠡᠷᠢᠭ ᠲᠤ ᠪᠠᠶᠢᠬᠤ ᠶᠢᠨ ᠲᠤᠷᠠᠰᠬᠠᠯ        ᠡᠮᠦᠨᠡᠲᠦ ᠣᠷᠤᠨ ᠤ ᠥᠨᠦᠴᠢᠨ ᠬᠡᠦᠬᠡᠳ ᠪᠤᠯᠤᠭᠰᠠᠨ ᠤ ᠬᠤᠪᠢ ᠳᠤ ᠬᠥᠮᠦᠨ ᠤ ᠵᠡᠷᠭᠡ ᠲᠠᠢ  ᠶᠠᠪᠤᠵᠤ᠂ ᠥᠪᠡᠷ ᠤᠨ ᠪᠡᠶ᠎ᠡ᠂ ᠦᠷ᠎ᠡ ᠬᠡᠦᠬᠡᠳ᠂ ᠠᠴᠢ ᠵᠢᠭᠡ ᠭᠤᠷᠪᠠᠨ ᠦᠶ᠎ᠡ ᠪᠠᠷ ᠢᠶᠠᠨ ᠰᠠᠶᠢᠨ ᠰᠠᠶᠢᠬᠠᠨ ᠠᠵᠣ ᠠᠮᠢᠳᠣᠷᠠᠯ ᠎ ᠲᠠᠢ ᠶᠠᠪᠤᠬᠤ ᠪᠠᠶᠢᠬᠤ ᠨᠢ ᠪᠦᠷ ᠠᠭᠤᠤ ᠶᠡᠭᠡ ᠡᠬᠡ  ᠤᠯᠤᠰ᠂ ᠥᠰᠭᠡᠵᠦ ᠪᠣᠶᠢᠵᠢᠭᠤᠯᠤᠭᠰᠠᠨ ᠮᠣᠩᠭᠤᠯ ᠨᠣᠲᠤᠭ᠂ ᠡᠷᠬᠦᠵᠦ ᠠᠪᠤᠭᠰᠠᠨ ᠪᠣᠶᠠᠨᠲᠣ ᠬᠤᠶᠠᠷ ᠪᠣᠭᠤᠷᠤᠯ ᠤᠨ ᠮᠢᠨᠢ ᠬᠠᠶᠢᠷ᠎ᠠ ᠬᠠᠯᠠᠮᠵᠢ᠂ ᠰᠤᠷᠭᠠᠵᠣ ᠬᠥᠮᠦᠵᠢᠭᠦᠯᠦᠭᠰᠡᠨ ᠤ ᠠᠴᠢ ᠭᠠᠪᠢᠶ᠎ᠠ ᠶᠤᠮ ᠭᠡᠵᠦ  ᠨᠠᠷᠠᠨᠲᠤᠶᠠᠭ᠎ᠠ ᠳᠤᠷᠠᠰᠤᠨ   ᠰᠠᠨᠠᠭᠠᠯᠵᠠᠵᠤ᠂ ᠵᠢᠷᠭᠤᠭᠠᠨ ᠠᠴᠢ ᠵᠢᠭᠡ ᠎ ᠪᠠᠷ ᠢᠶᠠᠨ ᠪᠠᠭ᠋ᠠᠷᠬᠠᠵᠤ᠂ ᠦᠳᠡᠯᠤᠬᠡ ᠨᠠᠰᠤ ᠪᠠᠨ ᠠᠵᠠ ᠵᠢᠷᠭᠠᠯ ᠲᠠᠢ ᠦᠩᠬᠡᠷᠡᠬᠡᠵᠤ  ᠪᠠᠶᠢᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号