︽ᠤᠯᠤᠰ ᠤᠨ ᠬᠡᠦᠬᠡᠳ︾  ᠪᠦᠯᠬᠦᠮᠳᠡᠯ
ᠨᠡᠶᠢᠲᠡᠯᠡᠭᠰᠡᠨ ᠴᠠᠭ᠄
2021/1/11
         ᠡᠶ᠎ᠡ ᠲᠠᠢ ᠠᠮᠢᠳᠤᠷᠠᠯ ᠳᠤ ᠡᠨᠡᠷᠢᠯ ᠬᠠᠶᠢᠷ᠎ᠠ ᠶᠢ ᠡᠵᠡᠯᠡᠭᠰᠡᠨ ᠪᠦᠰᠡᠬᠦᠢ                                                     ᠨᠠ᠊᠂ ᠪᠠᠶᠠᠨᠵᠢᠷᠭᠠᠯ      ᠤᠯᠤᠰ ᠤᠨ ᠬᠡᠤᠬᠡᠳ ᠤᠨ ᠰᠤᠷᠪᠤᠯᠵᠢᠯᠠᠭ᠎ᠠ ᠶᠢᠨ ᠠᠶᠠᠨ ᠢᠶᠠᠷ ᠳᠡᠯᠬᠡᠷ ᠵᠤᠨ ᠤ ᠰᠡᠬᠦᠯ ᠰᠠᠷ᠎ᠠ ᠶᠢᠨ ᠠᠷᠪᠠᠳ ᠲᠤ ᠰᠦᠨᠢᠳ ᠪᠠᠷᠠᠭᠤᠨ ᠬᠤᠰᠢᠭᠤᠨ ᠤ ᠰᠠᠶᠢᠬᠠᠨᠲᠠᠯ᠎ᠠ ᠪᠠᠯᠭᠠᠰᠤᠨ ᠤ ᠳᠦᠬᠦᠮ ᠭᠠᠴᠠᠭᠠᠨ ᠤ ᠬᠠᠷᠠᠭᠠᠳᠤ ᠤᠪᠤᠭᠠᠨ ᠤ ᠵᠡᠬᠦᠨ ᠡᠮᠤᠨ᠎ᠡ ᠡᠩᠬᠡᠷ ᠲᠤ ᠰᠠᠭᠤᠭ᠎ᠠ   ᠨᠤᠳᠤᠭ ᠤᠨ ᠲᠤᠮᠤᠭᠠᠳᠠᠨ ᠪᠦᠰᠡᠬᠦᠢ ᠪᠦᠯᠬᠦᠮᠳᠡᠯ ᠠᠴᠠ  ᠰᠤᠷᠪᠤᠯᠵᠢᠯᠠᠭ᠎ᠠ‌ᠠᠪᠤᠯ᠎ᠠ᠃1958 ᠣᠨ ᠳᠤ ᠨᠢᠭᠡ ᠪᠥᠯᠦᠭ ᠥᠨᠦᠴᠢᠨ ᠬᠡᠣᠬᠡᠳ ᠦᠪᠤᠷ ᠮᠤᠩᠭᠤᠯ ᠤᠨ ᠰᠢᠯᠢ ᠶᠢᠨ ᠭᠤᠣᠯ ᠠᠶᠢᠮᠠᠭ ᠲᠤ ᠬᠦᠷᠭᠡᠭᠳᠡᠨ ᠢᠷᠡᠬᠦ ᠳᠤ ᠰᠥᠨᠢᠳ ᠪᠠᠷᠠᠭᠤᠨ ᠬᠤᠰᠢᠭᠤᠨ ᠤ ᠣᠣᠯ ᠤᠨ ᠠᠴᠢᠳᠤᠠᠭᠤᠯᠠ ᠨᠢᠭᠡᠳᠣᠯ ᠤᠨ ᠺᠠᠳᠠᠷ ᠵᠠᠮᠢᠶᠠᠨᠰᠦᠷᠦᠩ᠂ ᠠᠴᠢᠳᠤᠠᠭᠤᠯᠠ ᠨᠢᠭᠡᠳᠣᠯ ᠤᠨ ᠡᠷᠳᠡᠨᠢᠪᠣᠯᠠᠭ ᠪᠠᠷᠢᠭᠠᠲᠠ ᠶᠢᠨ ᠮᠠᠯᠴᠢᠨ ᠳᠠᠷᠢᠮ᠎ᠠ ᠬᠤᠶᠠᠷ ᠨᠠᠢᠮᠠᠨ ᠰᠠᠷ᠎ᠠ ᠲᠠᠢ ᠨᠢᠯᠬ᠎ᠠ  ᠪᠠᠶᠢᠭᠰᠠᠨ ᠪᠦᠯᠬᠦᠮᠳᠡᠯ ᠢ ᠡᠷᠭᠦᠨ ᠠᠪᠴᠣ  ᠦᠷᠡᠴᠢᠯᠡᠨ ᠲᠡᠵᠢᠭᠡᠭᠰᠡᠨ ᠪᠠᠶᠢᠨ᠎ᠠ᠃  
     ᠬᠡᠷ ᠤᠨ ᠤᠶᠤᠳᠠᠯ ᠬᠢᠳᠡᠯ ᠳᠡᠭᠡᠨ ᠶᠠᠭᠠᠷᠠᠨ᠎ᠠ      ᠪᠦᠯᠬᠦᠮᠳᠡᠯ᠄ ︽ᠮᠢᠨᠤ ᠠᠪᠤ ᠵᠠᠮᠢᠶᠠᠨᠰᠦᠷᠦᠩ ᠬᠡᠳᠡᠭ᠂ ᠬᠦᠷᠠᠩ ᠪᠤᠷᠤ ᠴᠢᠷᠠᠢ ᠲᠠᠢ᠂ ᠠᠯᠤᠰ ᠢ  ᠪᠠᠷᠠᠯᠠᠬᠰᠠᠨ ᠬᠠᠷᠠᠴᠠ ᠲᠠᠢ᠂ ᠳᠠᠯ᠎ᠠ ᠨᠤᠳᠤᠭ ᠰᠢᠭ ᠢᠶᠠᠨ ᠠᠭᠤᠳᠠᠮ ᠬᠠᠩᠬᠠᠷ ᠴᠡᠬᠡᠵᠢ ᠲᠠᠢ᠂ ᠶᠡᠭᠡ ᠪᠠᠭ᠎ᠠ ᠬᠦᠮᠤᠨ ᠢ ᠢᠯᠭᠠᠯ ᠦᠬᠡᠢ ᠢᠨᠢᠶᠡᠮᠰᠦᠭᠯᠡᠨ  ᠦᠬᠡ ᠪᠠᠨ ᠡᠬᠢᠯᠡᠬᠦᠯᠳᠡᠭ᠂ ᠳᠤᠬᠳᠠᠭᠤᠨ ᠲᠦᠪᠯᠡᠬᠦᠨ ᠵᠠᠩ ᠲᠠᠢ᠂ ᠦᠨᠳᠤᠰᠤᠨ ᠱᠠᠳᠤᠨ ᠤ ᠮᠠᠯᠴᠢᠨ ᠲᠦᠮᠡᠨ ᠤ ᠪᠠᠨ ᠳᠤᠮᠳᠠ ᠨᠠᠰᠤ ᠪᠠᠷ ᠢᠶᠠᠨ ᠦᠨᠡᠨᠴᠢ ᠠᠵᠢᠯᠯᠠᠭᠰᠠᠨ ᠬᠦᠮᠤᠨ ᠤ ᠨᠢᠬᠡ ᠶᠤᠮ᠃ ᠮᠢᠨᠤ ᠡᠵᠢ ᠳᠠᠷᠢᠮ᠎ᠠ ᠬᠡᠳᠡᠭ᠂ ᠮᠠᠯᠴᠢᠨ ᠪᠦᠰᠡᠬᠦᠢ᠂ ᠬᠡᠷ ᠪᠦᠯᠢ ᠶᠢᠨ ᠤᠯᠠᠮᠵᠢᠯᠠᠯᠳᠤ ᠰᠤᠷᠭᠠᠯ ᠢ ᠶᠡᠭᠡ ᠠᠩᠬᠠᠷᠳᠠᠭ᠂ ᠦᠬᠡ ᠲᠠᠭᠤᠨ ᠴᠦᠬᠡᠨ᠂ ᠳᠤᠩ ᠠᠵᠢᠯᠰᠠᠭ ᠬᠦᠳᠡᠯᠮᠤᠷᠢᠴᠢ᠂ ᠠᠪᠤ  ᠤᠯᠤᠰ ᠤᠨ ᠺᠠᠳᠠᠷ ᠤᠴᠢᠷ ᠠᠴᠠ ᠠᠵᠢᠯ ᠦᠢᠯᠡᠰ ᠨᠢ ᠶᠠᠭᠠᠷᠠᠤ᠂ ᠳᠡᠭᠡᠲᠣ ᠱᠠᠲᠣᠨ ᠤ ᠵᠤᠷᠢᠭ ᠰᠠᠨᠠᠭ᠎ᠠ ᠶᠢ ᠲᠤᠭᠤᠰᠢᠯᠠᠭᠤᠯᠬᠤ ᠶᠢᠨ ᠳᠠᠭᠠᠣ ᠬᠥᠳᠡᠯᠮᠣᠷᠢ ᠳᠤ ᠣᠷᠣᠯᠴᠠᠵᠣ᠂ ᠭᠡᠷ ᠲᠡᠭᠡᠨ ᠢᠷᠡᠬᠦ ᠴᠢᠯᠤᠬᠡ ᠦᠬᠡᠢ᠂ ᠬᠡᠳᠤᠨ ᠰᠠᠷ᠎ᠠ ᠪᠤᠯᠤᠭᠠᠳ ᠬᠦᠳᠡᠭᠡ ᠬᠡᠷ ᠲᠡᠭᠡᠨ ᠨᠢᠬᠡ ᠬᠠᠷᠢᠵᠤ ᠪᠢᠳᠡᠨ ᠢ  ᠦᠵᠡᠳᠡᠭ   ᠪᠠᠶᠢᠭᠰᠠᠨ᠃ ᠡᠶᠢᠮᠤ ᠠᠴᠠ ᠡᠵᠢ ᠮᠢᠨᠢ ᠬᠡᠷ ᠤᠨ ᠭᠠᠳᠠᠨ᠎ᠠ ᠳᠤᠳᠤᠨ᠎ᠠ ᠠᠵᠢᠯ ᠢ ᠪᠦᠷ ᠭᠠᠭᠴᠠᠭᠠᠷ ᠢᠶᠠᠨ ᠬᠢᠳᠡᠭ᠃ ᠬᠡᠷ ᠤᠨ ᠠᠵᠢᠯ᠂ ᠮᠠᠯ ᠰᠦᠷᠦᠭ ᠤᠨ ᠢᠶᠠᠨ ᠠᠷᠠᠴᠢᠯᠠᠭ᠎ᠠ  ᠳᠣᠳᠣᠮᠳᠠᠯᠭ᠎ᠠ᠂ ᠪᠠᠷᠢᠭᠠᠳᠠ ᠶᠢᠨ ᠨᠠᠮ ᠤᠨ ᠡᠬᠦᠷ ᠤᠨ ᠱᠦᠵᠢ ᠶᠢᠨ ᠠᠵᠢᠯ ᠵᠡᠷᠬᠡ  ᠶᠢ ᠵᠡᠷᠭᠡᠴᠡᠭᠦᠯᠦᠨ ᠡᠷᠳᠡᠯᠡᠨ ᠪᠤᠰᠴᠤ ᠦᠳᠡᠰᠢ ᠶᠢᠨ ᠬᠠᠷᠠᠩᠭᠤᠢ ᠪᠤᠯᠳᠠᠯ᠎ᠠ ᠪᠤᠷᠪᠢ ᠨᠤᠭᠤᠷᠠᠯ ᠦᠬᠡᠢ ᠠᠵᠢᠯᠯᠠᠳᠠᠭ᠃ ᠠᠵᠢᠯ ᠤᠨ ᠳᠠᠷᠤᠭᠠᠰᠤ  ᠬᠦᠨᠳᠦ ᠪᠠᠶᠢᠳᠠᠭ ᠴᠤ ᠡᠵᠢ ᠮᠢᠨᠢ ᠨᠠᠳᠠᠳᠤ ᠪᠤᠬᠢᠨᠢᠳᠡᠯ ᠭᠠᠷᠭᠠᠵᠤ ᠠᠭᠤᠷᠯᠠᠳᠠᠭ ᠦᠬᠡᠢ᠂ ᠬᠠᠷᠢᠨ ᠲᠡᠬᠦᠨ ᠤ ᠲᠤᠬᠳᠡᠭᠤᠨ ᠳᠦᠯᠬᠡᠨ ᠵᠠᠩ ᠠᠭᠠᠯᠢ᠂ ᠠᠵᠢᠯ ᠳᠤ ᠪᠠᠨ ᠨᠢᠮᠪᠠᠢ ᠬᠠᠨᠳᠤᠳᠠᠭ ᠵᠠᠩᠰᠢᠯ ᠨᠢ ᠨᠠᠮᠠᠶᠢ ᠶᠡᠭᠡ ᠨᠥᠯᠦᠭᠡᠯᠡᠭᠰᠡᠨ ᠶᠤᠮ᠃  ᠬᠦᠮᠦᠨ ᠤ ᠨᠢᠭᠡ ᠨᠠᠰᠤᠨ  ᠳᠤ ᠬᠡᠴᠢᠨᠡᠨ ᠤᠯᠠᠨ ᠤᠯᠵᠤ ᠠᠯᠳᠠᠬᠤ᠂ ᠤᠷᠤᠭᠤᠳᠠᠵᠤ ᠦᠬᠡᠳᠡᠯᠡᠬᠦ ᠤᠴᠢᠷ ᠳᠤᠬᠢᠶᠠᠯᠳᠤᠬᠤ ᠪᠤᠢ ᠳ᠋ᠠ᠂ ᠠᠪᠤ ᠡᠵᠢ ᠬᠤᠶᠠᠷ ᠮᠢᠨᠢ ᠶᠡᠷᠦᠨᠢ ᠵᠦᠪ ᠢᠶᠠᠷ ᠰᠡᠳᠬᠢᠵᠤ᠂  ᠨᠠᠳᠠ ᠳᠤ ᠪᠠᠨ ᠵᠦᠬᠡᠯᠡᠨ ᠢᠶᠠᠷ ᠬᠠᠨᠳᠤᠵᠤ ᠢᠷᠡᠭᠰᠡᠨ ᠪᠢᠯᠡ᠃
     ᠡᠵᠢ ᠲᠠᠢ ᠪᠠᠨ ᠪᠦᠬᠦ ᠬᠡᠷ ᠢᠶᠠᠷ ᠢᠶᠠᠨ      ᠡᠨᠡ ᠬᠤᠶᠠᠷ ᠠᠴᠢᠳᠠᠨ ᠪᠤᠭᠤᠷᠤᠯ ᠤᠨ ᠢᠶᠠᠨ ᠬᠠᠯᠠᠭᠤᠨ ᠡᠯᠢᠬᠡᠨ ᠳᠤ ᠦᠰᠤᠨ ᠪᠤᠶᠢᠵᠢᠵᠤ ᠬᠦᠮᠤᠨ ᠪᠤᠯᠵᠤ᠂ ᠪᠢ ᠬᠤᠷᠢᠨ ᠭᠤᠷᠪᠠᠳᠠᠢ ᠳᠠᠭᠠᠨ 1979 ᠣᠨ ᠳᠤ  ᠠᠴᠢᠳᠤᠠᠭᠤᠯᠠ ᠭᠥᠩᠱᠧ  ᠶᠢᠨ ᠬᠠᠩᠭᠠᠨ ᠪᠤᠷᠤᠯᠠᠭᠤᠯᠬᠤ ᠬᠤᠷᠰᠢᠶᠠᠨ ᠤ ᠠᠵᠢᠯᠲᠠᠨ ᠡᠷᠳᠡᠮᠲᠣ ᠬᠡᠳᠡᠭ ᠵᠠᠯᠠᠭᠤ ᠲᠠᠢ ᠬᠤᠷᠢᠮᠯᠠᠵᠣ᠂ ᠬᠠᠳᠠᠮ ᠤᠨ ᠭᠠᠵᠠᠷ ᠣᠴᠢᠵᠣ ᠠᠶᠢᠯ ᠡᠷᠣᠬᠡ ᠶᠢᠨ ᠲᠣᠯᠭᠠᠭᠤᠷᠢ ᠪᠣᠯᠵᠣ ᠶᠠᠪᠣᠵᠡᠢ᠃ ᠬᠠᠳᠠᠮ ᠠᠪᠤ ᠡᠵᠢ ᠪᠠᠨ ᠠᠴᠢᠯᠠᠵᠣ᠂ ᠳᠥᠷᠪᠡᠨ ᠬᠡᠣᠬᠡᠳ ᠢᠶᠠᠨ ᠠᠰᠠᠷᠠᠵᠣ᠂ ᠡᠶ᠎ᠡ ᠡᠪᠲᠠᠢ ᠳᠤᠯᠠᠭᠠᠨ ᠪᠦᠯᠢᠶᠠᠨ ᠭᠡᠷ ᠪᠥᠯᠢ ᠲᠠᠢ ᠰᠠᠶᠢᠬᠠᠨ ᠠᠮᠢᠳᠤᠷᠠᠵᠤ ᠢᠷᠡᠵᠡᠢ᠃ ᠡᠨᠡ ᠬᠤᠭᠤᠴᠠᠭᠠᠨ ᠳᠤ ᠬᠠᠳᠠᠮ ᠠᠪᠤ ᠮᠢᠨᠢ ᠡᠪᠡᠳᠴᠢᠨ ᠬᠠᠭᠤᠴᠢᠨ ᠢᠶᠠᠷ ᠪᠤᠷᠬᠠᠨ ᠪᠤᠯᠵᠡᠢ᠃ ᠶᠡᠷᠡᠭᠡᠳ ᠣᠨ ᠤ ᠦᠶ᠎ᠡ ᠪᠠᠷ ᠣᠯᠣᠰ ᠤᠨ ᠥᠭᠡᠷᠡᠴᠢᠯᠡᠯᠳᠡ  ᠨᠡᠭᠡᠭᠡᠯᠲᠡ ᠳᠤ ᠬᠠᠩᠭᠠᠨ ᠪᠤᠷᠤᠯᠠᠭᠤᠯᠬᠤ ᠬᠤᠷᠰᠢᠶᠠᠨ ᠳᠤ ᠠᠵᠢᠯᠯᠠᠵᠣ ᠪᠠᠶᠢᠭᠰᠠᠨ ᠨᠥᠬᠦᠷ ᠮᠢᠨᠢ ᠠᠵᠢᠯ ᠠᠯᠳᠠᠵᠤ᠂ ᠮᠠᠯᠴᠢᠨ ᠪᠣᠯᠵᠣ ᠨᠠᠳᠠ ᠲᠠᠢ ᠬᠠᠮᠲᠣ ᠵᠢᠷᠭᠠᠯ ᠵᠣᠪᠠᠯᠠᠩ ᠢᠶᠠᠨ ᠬᠠᠮᠳᠣᠳᠬᠠᠵᠣ ᠶᠠᠪᠣᠬᠤ ᠳᠠᠭᠠᠨ ᠪᠢᠳᠡ ᠬᠤᠶᠠᠷ ᠠᠪᠤ ᠡᠵᠢ ᠶᠢ ᠪᠠᠨ ᠭᠡᠷ ᠲᠡᠭᠡᠨ ᠲᠤᠰᠴᠤ ᠠᠪᠴᠢᠷᠠᠨ ᠬᠠᠷᠠᠵᠣ ᠠᠰᠠᠷᠠᠵᠠᠢ᠃ ᠢᠩᠭᠢᠭᠡᠳ ᠬᠤᠶᠠᠷ ᠬᠦᠯ ᠨᠢ ᠵᠡᠮᠳᠡᠭ ᠬᠠᠳᠠᠮ ᠡᠵᠢ᠂ ᠦᠨᠳᠤᠷ ᠨᠠᠰᠤᠳᠠᠢ᠂ ᠡᠪᠡᠳᠴᠢᠨ ᠬᠠᠭᠤᠴᠢᠨ  ᠲᠠᠢ ᠮᠢᠨᠤ ᠠᠪᠤ ᠡᠵᠢ᠂ ᠮᠠᠨ ᠤ ᠬᠤᠶᠠᠷ᠂ ᠲᠦᠷᠪᠡᠨ ᠬᠡᠤᠬᠡᠳ ᠲᠠᠢ ᠪᠠᠨ  ᠶᠢᠰᠤᠬᠦᠯᠡ ᠨᠢᠬᠡ ᠳᠤᠭᠤᠭᠠᠨ ᠳᠤ  ᠬᠠᠮᠳᠤ ᠪᠠᠶᠢᠯ᠎ᠠ᠃ ᠠᠪᠤ ᠮᠢᠨᠢ 2002 ᠤᠨ ᠳᠤ  80 ᠨᠠᠰᠤ ᠲᠠᠢ  ᠪᠤᠷᠬᠠᠨ ᠪᠤᠯᠪᠠ᠃ ᠬᠠᠳᠠᠮ ᠡᠵᠢ  ᠮᠢᠨᠢ  ᠬᠤᠶᠠᠷ ᠬᠦᠯ  ᠵᠡᠮᠳᠡᠭ᠂ 17 ᠵᠢᠯ ᠠᠰᠠᠷᠠᠭᠤᠯᠵᠤ᠂ 2012 ᠤᠨ ᠳᠤ 79 ᠨᠠᠰᠤᠯᠠᠵᠤ ᠪᠤᠷᠬᠠᠨ ᠪᠤᠯᠵᠡᠢ᠃ ᠡᠵᠢ ᠮᠢᠨᠢ ᠶᠡᠭᠡ ᠪᠤᠶᠠᠨ ᠲᠠᠢ ᠨᠠᠰᠤᠨ ᠬᠤᠳᠤᠬᠳᠠᠨ᠂ 1918  ᠤᠨ ᠳᠤ ᠳᠦᠷᠤᠵᠤ 2018 ᠤᠨ ᠤ 12 ᠰᠠᠷ᠎ᠠ ᠶᠢᠨ 20 ᠤ ᠡᠳᠤᠷ ᠬᠦᠷᠳᠡᠯ᠎ᠡ ᠠᠮᠢᠳᠤᠷᠠᠵᠤ᠂ 24 ᠵᠢᠯ ᠠᠰᠠᠷᠠᠭᠤᠯᠵᠤ᠂ 101 ᠨᠠᠰᠤᠯᠠᠵᠤ  ᠪᠤᠷᠬᠠᠨ ᠪᠤᠯᠵᠡᠢ᠃ ᠡᠬᠦᠨ  ᠳᠤ ᠪᠢ ᠦᠷ᠎ᠡ ᠨᠢ ᠪᠤᠯᠵᠤ ᠵᠠᠶᠠᠭᠠᠵᠤ ᠬᠡᠳᠤᠨ ᠪᠤᠭᠤᠷᠤᠯ ᠢᠶᠠᠨ ᠠᠰᠠᠷᠠᠵᠤ  ᠂ ᠠᠴᠢ ᠡᠨᠡᠷᠢᠯ ᠢ ᠨᠢ ᠬᠠᠷᠢᠭᠤᠯᠵᠤ ᠶᠠᠪᠤᠬᠰᠠᠨ ᠢᠶᠠᠨ ᠶᠡᠷᠤ ᠠᠴᠠ ᠵᠦᠳᠡᠷᠡᠯ ᠶᠠᠳᠠᠷᠠᠯ ᠬᠡᠵᠤ ᠪᠤᠳᠤᠳᠠᠭ ᠦᠬᠡᠢ ᠬᠠᠷᠢᠨ ᠵᠢᠷᠭᠠᠯ ᠭᠡᠵᠦ ᠪᠤᠳᠤᠨ ᠡᠵᠢ ᠳᠤ ᠮᠢᠨᠢ ᠵᠠᠭᠤᠨ ᠨᠠᠰᠤᠨ ᠤ ᠦᠯᠵᠡᠢ ᠬᠤᠳᠤᠭ ᠤᠷᠤᠰᠢᠵᠤ ᠵᠠᠭᠤᠨ ᠨᠠᠰᠤᠯᠠᠵᠤ ᠵᠢᠷᠭᠤᠭᠠᠳᠠᠢ ᠲᠠᠶᠠᠭ ᠢᠶᠠᠨ ᠲᠤᠯᠵᠡᠢ ᠬᠡᠵᠤ ᠪᠠᠭ᠋ᠠᠷᠬᠠᠳᠠᠭ﹀﹀ ᠬᠡᠵᠤ ᠶᠠᠷᠢᠯ᠎ᠠ᠃
     ᠬᠠᠨᠢ ᠨᠦᠬᠦᠷ ᠡᠷᠳᠡᠮᠳᠤ ᠲᠠᠢ ᠪᠠᠨ
     ᠪᠢᠴᠢᠬᠠᠨ ᠤᠮᠪᠤᠯᠤ ᠲᠠᠢ ᠪᠠᠨ        ᠪᠥᠯᠬᠦᠮᠳᠡᠯ ᠣᠳᠣ ᠦᠪᠡᠷ ᠢᠶᠠᠨ ᠴᠦ ᠵᠠᠵᠢᠨ ᠦᠰᠦ ᠨᠢ ᠴᠠᠶᠢᠬᠰᠠᠨ ᠵᠢᠷᠠ ᠭᠠᠷᠤᠬᠰᠠᠨ ᠪᠤᠭᠤᠷᠤᠯ ᠪᠤᠯᠵᠤ᠂ ᠤᠷᠢᠳ ᠬᠤᠵᠢᠳ᠂ ᠨᠤᠳᠤᠭ ᠤᠰᠤᠨ ᠤ ᠪᠠᠨ  ︽ᠲᠡᠷᠢᠬᠦᠨ ᠤ ᠬᠤᠨᠢᠴᠢᠨ︾᠂  ︽3. 8 ᠶᠢᠨ ᠤᠯᠠᠭᠠᠨ ᠲᠤᠬᠴᠢ︾᠂ ᠰᠢᠯᠢ ᠶᠢᠨ ᠭᠤᠤᠯ ᠠᠶᠢᠮᠠᠭ ᠤᠨ ︿︿ᠲᠠᠪᠤᠨ ᠰᠠᠶᠢᠨᠳᠠᠢ ᠬᠡᠷ ᠪᠦᠯᠢ ﹀﹀᠂ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ︿︿ᠬᠠᠮᠤᠭ ᠤᠨ ᠭᠤᠶᠤ ᠬᠡᠷ ᠪᠦᠯᠢ﹀﹀ ᠵᠡᠷᠬᠡ ᠢᠷᠠᠭᠤ ᠠᠯᠳᠠᠷ ᠢᠶᠠᠷ ᠡᠩᠬᠡᠷ ᠢᠶᠠᠨ ᠮᠢᠯᠢᠶᠠᠯᠭᠠᠵᠤ ᠢᠷᠡᠵᠡᠢ᠃ ᠲᠡᠬᠦᠨ ᠤ ᠳᠥᠷᠪᠡᠨ ᠬᠡᠣᠬᠡᠳ ᠨᠢ ᠪᠥᠷ ᠥᠪᠡᠷ ᠤᠨ ᠭᠡᠰᠡᠨ ᠠᠵᠤ ᠠᠮᠢᠳᠣᠷᠠᠯ ᠲᠠᠢ ᠠᠶᠢᠯ ᠭᠡᠷ ᠪᠣᠯᠵᠣ᠂ ᠡᠪᠣᠭᠡᠨ ᠲᠠᠢ ᠪᠠᠨ ᠬᠤᠶᠠᠭᠤᠯᠠ ᠨᠢᠭᠡ ᠬᠦᠣ ᠲᠠᠢ ᠪᠠᠨ ᠰᠠᠶᠢᠬᠠᠨᠲᠠᠯ᠎ᠠ ᠪᠠᠯᠭᠠᠰᠣᠨ ᠳᠤ ᠰᠠᠭᠤᠵᠣ ᠂ ᠦᠷᠯᠤᠬᠡ ᠡᠷᠳᠡ ᠳᠡᠭᠡᠨ ᠬᠤᠳᠠ ᠶᠢᠨ ᠴᠡᠪᠡᠷᠯᠡᠬᠡᠨ ᠤ ᠠᠵᠢᠯ ᠢ ᠬᠢᠵᠤ᠂ ᠵᠠᠪ ᠴᠢᠯᠦᠭᠡ ᠪᠠᠷ ᠢᠶᠠᠨ ᠰᠠᠭᠠᠯᠢ ᠶᠢᠨ ᠭᠠᠵᠡᠷ ᠠᠴᠠ ᠰᠦ ᠬᠤᠳᠠᠯᠳᠤᠨ ᠠᠪᠴᠤ ᠦᠪᠡᠷ ᠤᠨ ᠢᠳᠡᠬᠦ ᠪᠠᠭ᠎ᠠ ᠰᠠᠭ᠎ᠠ ᠴᠠᠭᠠᠨ ᠢᠳᠡᠭᠡ  ᠪᠠᠨ ᠬᠢᠵᠤ᠂ ᠦᠯᠡᠳᠡᠭᠰᠡᠨ ᠢ ᠨᠢ ᠪᠣᠷᠣᠯᠠᠭᠤᠯᠵᠣ᠂ ᠠᠮᠢᠳᠤᠷᠠᠯ ᠳᠤ ᠪᠠᠨ ᠨᠡᠮᠡᠷᠢ ᠪᠤᠯᠭᠠᠵᠤ᠂ ᠡᠷᠡᠬᠦᠯ ᠰᠠᠷᠠᠭᠤᠯ  ᠪᠠᠶᠠᠷ ᠪᠠᠶᠠᠰᠬᠤᠯᠠᠩ ᠲᠠᠢ ᠠᠮᠢᠳᠣᠷᠠᠵᠣ  ᠶᠠᠪᠤᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号