ᠭᠠᠷ ᠢᠶᠠᠨ ᠠᠯᠳᠠᠭᠰᠠᠨ ᠴᠦ ᠭᠠᠨᠵᠤᠭ᠎ᠠ ᠲᠦᠭᠦᠷᠡᠩ ᠤᠯᠤᠯᠳᠠ ᠲᠠᠢ ᠶᠠᠪᠤᠭ᠎ᠠ  —  ᠰᠦᠯᠵᠢᠶᠠᠨ ᠤᠳᠤᠨ
ᠨᠡᠶᠢᠲᠡᠯᠡᠭᠰᠡᠨ ᠴᠠᠭ᠄
2020/8/3
                 ᠬᠠᠮ ᠵᠠᠭᠤᠴᠢᠯᠠᠭᠤᠷ ᠤᠨ ᠰᠤᠷᠪᠤᠯᠵᠢᠯᠠᠭᠴᠢ᠄ ᠳᠡᠯᠭᠡᠷᠴᠡᠴᠡᠭ      ᠵᠢᠷᠦᠬᠡ ᠪᠠᠯᠭᠠᠰᠤᠨ ᠤ ᠬᠤᠩᠭᠤᠷᠠᠤᠪᠤᠭ᠎ᠠ ᠲᠣᠰᠬᠤᠨ ᠤ ᠳ᠋ᠧᠩ ᠷᠦ ᠹᠧᠩ ᠠᠷᠪᠠᠭᠠᠳ ᠵᠢᠯ ᠤᠨ ᠡᠮᠦᠨᠡᠬᠢ ᠤᠰᠤᠯ ᠠᠳᠡᠯ ᠳᠤ ᠵᠡᠭᠦᠨ ᠭᠠᠷ ᠢᠶᠠᠨ ᠠᠯᠳᠠᠨ ᠮᠡᠷᠭᠡᠵᠢᠯ ᠤᠨ ᠠᠵᠢᠯ ᠢᠶᠠᠨ ᠦᠷᠬᠦᠯᠵᠢᠯᠡᠬᠦᠯᠬᠦ ᠶᠢᠨ ᠠᠷᠭ᠎ᠠ ᠦᠭᠡᠶ ᠪᠤᠯᠤᠭᠰᠠᠨ ᠢᠶᠠᠷ ᠭᠡᠷ ᠪᠦᠯᠢ ᠶᠢᠨ ᠬᠢᠨᠢ ᠤᠷᠤᠯᠭ᠎ᠠ ᠴᠦ ᠳᠠᠭᠠᠭᠠᠳ ᠮᠠᠭᠤᠳᠠᠭᠰᠠᠨ ᠪᠠᠶᠢᠨ᠎ᠠ᠃ ᠭᠡᠪᠡᠴᠦ ᠲᠡᠷᠡ ᠠᠯᠢᠪᠠ ᠬᠦᠴᠢᠷ ᠪᠡᠷᠬᠡᠰᠢᠶᠡᠯ ᠢ ᠵᠤᠷᠢᠭᠳᠠᠢ ᠪᠠᠷ ᠢᠯᠠᠨ ᠳᠠᠪᠠᠵᠤ᠂ ᠦᠬᠡᠳᠡᠷᠭᠡᠭ ᠰᠡᠳᠬᠢᠯᠬᠡ ᠪᠠᠷ ᠠᠮᠢᠳᠤᠷᠠᠯ ᠳᠤ ᠬᠠᠨᠳᠤᠨ᠂ ᠵᠤᠯ ᠵᠢᠷᠭᠠᠯᠳᠤ ᠢᠷᠡᠭᠡᠳᠦᠢ ᠶᠢᠨ   ᠢᠶᠠᠨ ᠲᠦᠯᠦᠬᠡ ᠵᠤᠷᠢᠭ ᠳᠡᠭᠦᠯᠳᠡᠷ ᠮᠡᠷᠡᠶᠢᠵᠦ ᠪᠠᠶᠢᠭ᠎ᠠ ᠨᠢ ᠰᠠᠶᠢᠬᠠᠨ︕
     ᠡᠨᠡ ᠪᠤᠯ ᠲᠡᠭᠦᠨ ᠤ ᠰᠦᠯᠵᠢᠶᠠᠨ ᠤ ᠰᠢᠭᠤᠳ ᠨᠡᠪᠳᠡᠷᠡᠬᠦᠯᠭᠡ ᠪᠠᠷ ᠨᠤᠳᠤᠭ ᠤᠨ ᠭᠠᠷᠤᠯᠳᠠ ᠪᠠᠨ ᠳᠠᠨᠢᠯᠴᠠᠭᠤᠯᠤᠨ ᠶᠠᠭᠠᠷᠠᠭ᠎ᠠ ᠪᠠᠶᠢᠲᠠᠯ᠃ 2014 ᠤᠨ ᠳᠤ ᠶᠠᠳᠠᠭᠤ ᠡᠷᠦᠬᠡ ᠳᠤ  ᠪᠦᠷᠢᠳᠬᠡᠭᠦᠯᠦᠭᠰᠡᠨ ᠲᠡᠷᠡ᠂ ᠬᠦᠲᠡᠯᠮᠦᠷᠢ ᠵᠢᠳᠭᠦᠯ ᠢᠶᠠᠷ ᠵᠶ᠋ᠡᠨ‌ᠠᠮᠢᠳᠤᠷᠠᠯ ᠢᠶᠠᠨ ᠦᠭᠡᠳᠡ ᠨᠢ ᠲᠠᠲᠠᠬᠤ ᠬᠦᠰᠡᠯ ᠡᠷᠡᠮᠡᠯᠵᠡᠯ ᠢᠶᠠᠷ ᠲᠦᠭᠦᠷᠡᠩ ᠪᠠᠶᠢᠵᠤ᠂ ᠨᠢᠳᠤᠨᠤᠨ ᠵᠢᠯ ᠬᠤᠰᠢᠭᠤᠨ ᠠᠴᠠ ᠡᠷᠬᠢᠯᠡᠭᠰᠡᠨ ᠠᠩᠬᠠᠳᠤᠭᠠᠷ ᠬᠤᠭᠤᠴᠠᠭᠠᠨ ᠤ ᠰᠦᠯᠵᠢᠶᠠᠨ ᠤᠳᠤᠳ  ᠤᠨ ᠪᠤᠯᠪᠠᠰᠤᠷᠠᠯ ᠤᠨ ᠠᠩᠭᠢ ᠳᠤ ᠢᠳᠡᠪᠬᠢᠯᠠᠨ ᠤᠷᠤᠯᠴᠠᠵᠤ᠂ ᠮᠡᠷᠭᠡᠵᠢᠯ ᠳᠤᠷᠰᠢᠯᠭ᠎ᠠ ᠰᠤᠷᠤᠯᠴᠠᠨ᠂ ︽ᠬᠦᠰᠡᠯ ᠳᠡᠮᠡᠦᠯᠡᠯᠳᠦ ᠵᠡᠮᠳᠡᠭ ᠬᠦᠮᠦᠨ︾ ᠬᠡᠬᠦ ᠨᠡᠷ᠎ᠡ ᠪᠠᠷ ᠰᠦᠯᠵᠢᠶᠡᠨ ᠳᠠᠪᠴᠠᠩ ᠳᠤ ᠳᠠᠩᠰᠠᠯᠠᠭᠤᠯᠤᠨ᠂ ᠠᠪᠢᠶᠠᠰ ᠪᠢᠯᠢᠭ᠂ ᠪᠠᠶᠠᠰᠤᠩᠭᠤᠢ ᠤᠪᠤᠷ ᠢᠶᠠᠷ ᠢᠶᠠᠨ ᠮᠢᠩᠭ᠎ᠠ ᠭᠠᠷᠤᠢ ᠬᠦᠷᠢᠶᠡᠯᠡᠭᠴᠢᠳ ᠤᠨ ᠪᠠᠭ᠋ᠠᠷᠬᠠᠯ ᠳᠡᠮᠵᠢᠯᠭᠡ ᠶᠢ ᠤᠯᠤᠭᠰᠠᠨ ᠪᠦᠭᠡᠳ ᠨᠤᠳᠤᠭ ᠤᠨ ᠭᠠᠷᠤᠯᠳᠠ ᠪᠦᠲᠦᠭᠡᠭᠳᠡᠬᠦᠨ ᠢᠶᠠᠨ ᠳᠠᠨᠢᠯᠴᠠᠭᠤᠯᠤᠨ ᠬᠡᠲᠦᠭᠡᠨ ᠰᠠᠷ᠎ᠠ ᠶᠢᠨ ᠲᠤᠲᠤᠷ᠎ᠠ ᠲᠠᠪᠤᠨ ᠮᠢᠩᠭᠠᠨ ᠲᠦᠭᠦᠷᠢᠭ ᠤᠨ ᠤᠷᠤᠯᠭ᠎ᠠ ᠡᠭᠦᠳᠴᠦ᠂ 2019  ᠤᠨ ᠤ ᠪᠦᠬᠦ ᠠᠶᠢᠮᠠᠭ ᠤᠨ ᠭᠤᠷᠪᠠᠳᠤᠭᠠᠷ ᠬᠤᠭᠤᠴᠠᠭᠠᠨ ᠤ ︽ᠰᠢᠯᠢ ᠶᠢᠨ ᠭᠤᠤᠯ ᠠᠶᠢᠮᠠᠭ ᠤᠨ ᠠᠷᠪᠠᠨ ᠰᠤᠳᠤᠨ ᠰᠦᠯᠵᠢᠶᠠᠨ ᠠᠷᠠᠳ︾ ᠤᠨ ᠢᠷᠠᠭᠤ ᠠᠯᠳᠠᠷ ᠢ ᠬᠦᠷᠳᠡᠭᠰᠡᠨ ᠪᠠᠶᠢᠨ᠎ᠠ᠃
     ᠬᠦᠳᠡᠭᠡ ᠳᠤᠰᠬᠤᠨ ᠤ ᠰᠦᠯᠵᠢᠶᠡᠨ ᠬᠤᠲᠠᠯᠲᠤᠭ᠎ᠠ ᠶᠢ ᠬᠦᠭᠵᠢᠭᠦᠯᠵᠦ᠂ ᠮᠠᠯᠴᠢᠨ ᠲᠠᠷᠢᠶᠠᠴᠢᠨ ᠤ ᠠᠮᠢᠳᠤᠷᠠᠯ ᠳᠤ ᠳᠥᠭᠦᠮ ᠦᠵᠡᠭᠦᠯᠬᠦ ᠶᠢᠨ ᠲᠥᠯᠥᠭᠡ᠂ 2018 ᠣᠨ ᠳᠤ ᠮᠠᠨ ᠤ ᠬᠤᠰᠢᠭᠤ᠂ ᠰᠤᠮᠤ ᠪᠠ ᠭᠠᠴᠠᠭ᠎ᠠ ᠲᠣᠰᠬᠤᠨ ᠳᠤ ᠡᠯᠧᠺᠲᠷᠣᠨ ᠬᠤᠳᠠᠯᠳᠤᠭᠠᠨ ᠤ ᠶᠠᠪᠤᠳᠠᠯ ᠤᠨ ᠦᠢᠯᠡᠴᠢᠯᠡᠬᠡᠨ ᠤ ᠥᠷᠲᠡᠭᠡ ᠪᠠᠶᠢᠭᠤᠯᠵᠤ ᠡᠬᠢᠯᠡᠭᠰᠡᠨ ᠳᠤ᠂ ᠳ᠋ᠧᠩ ᠷᠦ ᠹᠧᠩ ᠵᠢᠵᠢᠭ ᠳᠡᠯᠭᠡᠭᠦᠷ ᠡᠵᠡᠩᠨᠡᠳᠡᠭ ᠨᠦᠭᠦᠴᠡᠯ ᠢᠶᠠᠷ ᠢᠶᠠᠨ ᠬᠤᠩᠭᠤᠷᠠᠤᠪᠤᠭ᠎ᠠ ᠲᠣᠰᠬᠤᠨ ᠤ ᠢᠶᠠᠨ ᠡᠯᠧᠺᠲᠷᠣᠨ ᠬᠤᠳᠠᠯᠳᠤᠭᠠᠨ ᠤ ᠦᠢᠯᠡᠴᠢᠯᠡᠬᠡᠨ ᠤ ᠥᠷᠲᠡᠭᠡᠨ ᠳᠠᠷᠤᠭ᠎ᠠ ᠶᠢᠨ ᠠᠵᠢᠯ ᠢ ᠵᠡᠷᠭᠡᠪᠡᠷ ᠬᠠᠷᠢᠭᠤᠴᠠᠨ᠂ ᠡᠷᠭᠢᠨ ᠲᠣᠭᠤᠷᠢᠨ ᠤ ᠮᠠᠯᠴᠢᠨ ᠳᠠᠷᠢᠶᠠᠴᠢᠳ ᠲᠤ ᠲᠦᠷᠭᠡᠨ ᠬᠦᠷᠭᠡᠯᠲᠡ᠂ ᠮᠠᠲ᠋ᠧᠷᠢᠶᠠᠯ ᠲᠠᠷᠤᠮᠯᠠᠬᠤ᠂ ᠣᠷᠣᠯᠠᠨ ᠪᠤᠷᠤᠯᠠᠭᠤᠯᠬᠤ ᠪᠠ ᠬᠤᠳᠠᠯᠳᠤᠨ ᠠᠪᠬᠤ᠂ ᠰᠦᠯᠵᠢᠶᠡᠨ ᠳᠡᠭᠡᠷ᠎ᠡ ᠰᠦᠢᠳᠬᠡᠯ ᠲᠤᠰᠢᠶᠠᠬᠤ ᠵᠡᠷᠭᠡ ᠦᠢᠯᠡᠴᠢᠯᠡᠭᠡ ᠬᠠᠩᠭᠠᠵᠤ᠂ ᠰᠠᠷ᠎ᠠ ᠪᠦᠷᠢ 1000 ᠭᠠᠷᠤᠶ ᠲᠥᠭᠦᠷᠢᠭ ᠤᠨ ᠤᠷᠤᠯᠭ᠎ᠠ ᠲᠠᠢ ᠪᠤᠯᠵᠤ᠂ ᠨᠢᠳᠤᠨᠤᠨ ᠪᠠᠰᠠ ︽ᠰᠢᠯᠢᠳᠡᠭ ᠥᠷᠲᠡᠭᠡᠨ ᠳᠠᠷᠤᠭ᠎ᠠ︾ ᠪᠠᠷ ᠰᠣᠩᠭᠤᠭᠳᠠᠵᠠᠶ᠃      ᠠᠷᠪᠠᠭᠠᠳ ᠵᠢᠯ ᠤᠨ ᠳᠤᠷᠰᠢ᠂ ᠳ᠋ᠧᠩ ᠷᠦ ᠹᠧᠩ ᠪᠡᠶ᠎ᠡ ᠵᠡᠮᠳᠡᠭ ᠭᠡᠳ ᠬᠤᠶᠢᠰᠢ ᠤᠬᠤᠷᠢᠨ ᠳᠡᠮᠵᠢᠯᠭᠡ ᠳᠡᠳᠬᠦᠮᠵᠢ ᠳᠤ ᠨᠠᠶᠢᠳᠠᠵᠤ ᠰᠠᠭᠤᠭᠰᠠᠨ ᠦᠬᠡᠢ᠂ ᠬᠠᠷᠢᠨ ᠴᠦ ᠵᠦᠢᠯ ᠵᠦᠢᠯ ᠤᠨ ᠬᠦᠴᠢᠷ ᠪᠡᠷᠭᠡᠰᠢᠶᠡᠯ ᠢ ᠵᠤᠷᠢᠭᠳᠠᠢ  ᠪᠠᠷ ᠳᠠᠪᠠᠨ ᠳᠤᠭᠤᠯᠵᠤ᠂ ᠦᠭᠡᠳᠡᠷᠭᠡᠭ ᠪᠠᠶᠠᠰᠤᠩᠭᠤᠢ ᠤᠪᠤᠷ ᠢᠶᠠᠷ ᠠᠮᠢᠳᠤᠷᠠᠯ ᠢᠶᠠᠨ ᠦᠭᠡᠳᠡ ᠳᠠᠳᠠᠵᠤ᠂ ᠡᠷᠡᠬᠦᠯ ᠬᠦᠮᠦᠨ ᠠᠴᠠ ᠳᠤᠳᠠᠭᠤ ᠦᠬᠡᠢ ᠴᠢᠷᠮᠠᠶᠢᠨ᠂ ᠬᠦᠰᠡᠯᠡᠩᠳᠦ ᠢᠷᠡᠭᠡᠳᠦᠢ ᠳᠤ ᠪᠠᠨ ᠢᠳᠡᠭᠡᠯ ᠲᠦᠭᠦᠷᠡᠩ ᠮᠡᠷᠡᠶᠢᠵᠦ ᠪᠠᠶᠢᠨ᠎ᠠ᠃  
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号