2018 ᠣᠨ ᠳᠤ ᠶᠠᠳᠠᠭᠤ ᠠᠴᠠ ᠪᠠᠨ ᠠᠩᠭᠢᠵᠢᠷᠠᠭᠰᠠᠨ ᠵᠢᠷᠦᠬᠡ ᠪᠠᠯᠭᠠᠰᠤᠨ ᠤ ᠬᠤᠩᠭᠤᠷ ᠭᠠᠴᠠᠭᠠᠨ ᠤ | ᠨᠠᠷᠠᠨᠭᠡᠷᠡᠯ ᠨᠠᠰᠤᠲᠠᠨ ᠤᠶᠢᠷ᠎ᠠ ᠳᠤ 12 ᠪᠤᠭᠤᠯᠲᠠ ᠡᠪᠡᠰᠦ ᠬᠤᠪᠢᠲᠠᠨ ᠤᠯᠤᠭᠠᠳ ᠮᠠᠰᠢ ᠪᠠᠶᠠᠷᠲᠠᠢ᠃ ᠲᠡᠭᠦᠨ | ᠠᠴᠠ ᠭᠠᠲᠠᠨ᠎ᠠ ᠪᠠᠰᠠ ᠲᠤᠰ ᠭᠠᠴᠠᠭᠠᠨ ᠤ 62 ᠮᠠᠯᠴᠢᠨ ᠡᠷᠦᠭᠡ ᠡᠨᠡ ᠬᠦ ᠠᠰᠢᠭ ᠢ ᠬᠦᠷᠲᠡᠭᠰᠡᠨ ᠪᠠᠶᠢᠨ᠎ᠠ᠃ | ᠶᠠᠭᠤᠨ ᠤ ᠤᠴᠢᠷ ᠪᠤᠯᠴᠢᠬᠠᠪᠠ︖ | | | ᠤᠤᠯ ᠨᠢ ᠵᠢᠷᠦᠬᠡ ᠪᠠᠯᠭᠠᠰᠤᠨ ᠤ ᠬᠤᠩᠭᠤᠷ ᠭᠠᠴᠠᠭ᠎ᠠ ᠨᠢ ᠭᠠᠩ ᠤᠨ ᠪᠠᠶᠢᠲᠠᠯ ᠳᠤ ᠴᠢᠭᠯᠡᠭᠦᠯᠦᠨ᠂ | ᠭᠠᠴᠠᠭᠠᠨ ᠤ ᠪᠠᠨ 63 ᠡᠷᠦᠬᠡ ᠪᠤᠯᠭᠠᠨ ᠳᠤ 12 ᠪᠣᠭᠤᠯᠳᠠ ᠡᠪᠡᠰᠦ ᠲᠠᠷᠬᠠᠭᠠᠭᠰᠠᠨ ᠨᠢ ᠡᠨᠡ ᠪᠠᠶᠢᠵᠡᠢ᠃ | | | ᠬᠤᠩᠭᠤᠷ ᠭᠠᠴᠠᠭᠠᠨ ᠤ ᠨᠠᠮ ᠤᠨ ᠡᠭᠦᠷ ᠤᠨ ᠱᠦᠵᠢ ᠲᠡᠬᠦᠰᠪᠠᠭᠠᠲᠤᠷ᠄ ᠡᠨᠡ ᠤᠳᠠᠭᠠᠨ ᠤ ᠲᠠᠷᠬᠠᠭᠠᠭᠰᠠᠨ | 31 ᠲᠣᠨᠡᠪᠡᠰᠦ ᠪᠤᠷᠳᠤᠭ᠎ᠠ ᠶᠢ ᠭᠠᠴᠠᠭᠠᠨ ᠤ ᠬᠠᠮᠲᠤ ᠶᠢᠨ ᠬᠤᠷᠠᠮᠲᠤᠭᠤᠯᠭ᠎ᠠ ᠠᠴᠠ ᠪᠠᠨ 51465 ᠲᠥᠭᠦᠷᠢᠭ | ᠭᠠᠷᠭᠠᠵᠦ ᠲᠦᠩᠯᠢᠶᠤᠤ ᠬᠤᠲᠠ ᠠᠴᠠ ᠬᠤᠳᠠᠯᠳᠤᠨ ᠠᠪᠤᠭᠰᠠᠨ ᠶᠤᠮ᠃ ᠭᠠᠴᠠᠭᠠᠨ ᠤ ᠬᠠᠮᠲᠤ ᠶᠢᠨ | ᠬᠤᠷᠠᠮᠲᠤᠭᠤᠯᠭ᠎ᠠ 2018 ᠣᠨ ᠳᠤ ᠪᠠᠶᠢᠭᠤᠯᠤᠭᠳᠠᠵᠤ᠂ 700 ᠰᠢᠯᠵᠢᠯᠲᠡ ᠶᠢᠨ ᠮᠠᠯ ᠢ ᠠᠶᠢᠯ ᠳᠤ | ᠲᠠᠭᠠᠭᠠᠴᠢᠯᠠᠭᠤᠯᠤᠨ᠂ ᠵᠢᠯ ᠳᠤ 35000 ᠲᠥᠭᠦᠷᠢᠭ ᠤᠨ ᠤᠷᠤᠯᠭ᠎ᠠ ᠤᠯᠲᠠᠭ᠃ | ᠠᠷᠭ᠎ᠠ ᠪᠤᠲᠤᠯᠭ᠎ᠠ ᠰᠤᠪᠢᠵᠤ᠂ ᠠᠷᠠᠳ ᠮᠠᠯᠴᠢᠳ ᠲᠤ ᠪᠠᠨ ᠠᠰᠢᠭ ᠬᠦᠷᠲᠡᠭᠡᠬᠦ ᠶᠢ ᠵᠤᠷᠢᠲᠠᠭ ᠬᠤᠩᠭᠤᠷ | ᠭᠠᠴᠠᠭ᠎ᠠ ᠨᠢ ᠢᠩᠬᠢᠵᠦ ᠯᠠ ᠮᠠᠯᠴᠢᠨ ᠲᠦᠮᠡᠨ ᠤ ᠢᠶᠠᠨ ᠭᠠᠩ ᠭᠠᠴᠢᠭ ᠲᠠᠢ ᠲᠡᠮᠡᠴᠡᠬᠦ ᠢᠲᠡᠭᠡᠯ ᠵᠤᠷᠢᠭ ᠢ | ᠲᠠᠶᠢᠴᠢᠯᠠᠵᠤ ᠪᠠᠶᠢᠭ᠎ᠠ ᠨᠢ ᠰᠤᠷᠤᠯᠴᠠᠭᠤᠰᠢᠲᠠᠢ ᠪᠠᠶᠢᠨ᠎ᠠ᠃ |