ᠵᠠᠯᠠᠭᠤᠬᠠᠨ ᠱᠦᠵᠢ ᠶᠢᠨ ᠵᠤᠯᠪᠤᠭᠠᠲᠤ ᠦᠢᠯᠡᠰ
ᠨᠡᠶᠢᠲᠡᠯᠡᠭᠰᠡᠨ ᠴᠠᠭ᠄
2020/7/24
                ᠬᠠᠮ ᠵᠠᠭᠤᠴᠢᠯᠠᠭᠤᠷ ᠤᠨ ᠰᠤᠷᠪᠤᠯᠵᠢᠯᠠᠭᠴᠢ᠄ ᠳᠡᠯᠭᠡᠷᠴᠡᠴᠡᠭ      ᠰᠠᠶᠢᠬᠠᠨᠳᠠᠯ᠎ᠠ ᠪᠠᠯᠭᠠᠰᠤᠨ ᠤ ᠪᠠᠶᠠᠠᠭᠤᠪᠢ ᠭᠠᠴᠠᠭᠠᠨ ᠤ ᠨᠢᠭᠡᠳᠦᠭᠡᠷ ᠱᠦᠵᠢ ᠮᠦᠩᠭᠦᠨᠴᠡᠴᠡᠭ᠂ ᠨᠠᠰᠤ ᠵᠠᠯᠠᠭᠤᠨᠬᠠᠨ ᠴᠦ ᠨᠢᠮᠪᠠᠢ ᠬᠢᠴᠢᠶᠡᠩᠭᠦᠢ᠂ ᠨᠦᠬᠦᠷᠰᠡᠭ ᠳᠤᠰᠠᠷᠬᠠᠭ ᠵᠠᠩ ᠢᠶᠠᠷ ᠢᠶᠠᠨ ᠭᠠᠴᠠᠭᠠᠨ ᠤ   ᠬᠦᠴᠢᠷᠲᠡᠯᠲᠦ ᠤᠯᠠᠨ ᠳᠤ ᠪᠠᠨ ᠲᠤᠰᠠ ᠬᠢᠨ᠂ ᠤᠯᠠᠨ ᠤ ᠰᠡᠳᠬᠢᠯ ᠳᠠᠬᠢ ᠤᠲᠤ ᠨᠢ ᠪᠤᠯᠵᠤ ᠶᠠᠪᠤᠨ᠎ᠠ᠃      ᠬᠤᠰᠢᠭᠤ ᠡᠪᠡᠳᠴᠢᠨ ᠬᠢᠵᠢᠭ ᠢ ᠰᠡᠷᠭᠡᠶᠢᠯᠡᠨ ᠬᠤᠷᠢᠭᠯᠠᠬᠤ ᠲᠦᠪ ᠤᠨ ᠠᠵᠢᠯᠲᠠᠨ ᠮᠦᠩᠭᠦᠨᠴᠡᠴᠡᠭ᠂ 2019 ᠤᠨ ᠤ 5 ᠰᠠᠷ᠎ᠠ ᠳᠤ ᠵᠤᠬᠢᠶᠠᠨ ᠪᠠᠶᠢᠭᠤᠯᠤᠯᠳᠠ ᠶᠢᠨ ᠨᠠᠶᠢᠳᠠᠯᠭ᠎ᠠ ᠪᠠᠷ ᠰᠠᠶᠢᠬᠠᠨᠳᠠᠯ᠎ᠠ ᠪᠠᠯᠭᠠᠰᠤᠨ ᠤ ᠪᠠᠶᠠᠠᠭᠤᠪᠢ ᠭᠠᠴᠠᠭᠠᠨ ᠤ ᠨᠢᠭᠡᠳᠦᠬᠡᠷ ᠱᠦᠵᠢ ᠶᠢᠨ ᠡᠬᠦᠷᠭᠡ ᠶᠢ ᠬᠦᠯᠢᠶᠡᠭᠰᠡᠨ ᠴᠠᠭ ᠠᠴᠠ ᠪᠠᠨ᠂ ᠠᠷᠠᠳ ᠤᠯᠠᠨ ᠎ ᠲᠠᠢ ᠪᠠᠨ ᠰᠡᠳᠬᠢᠯ ᠵᠢᠷᠦᠭᠡ ᠪᠠᠨ ᠬᠤᠯᠪᠤᠨ᠂ ᠬᠦᠴᠢᠷ ᠪᠡᠷᠭᠡᠰᠢᠶᠡᠯ ᠢ ᠬᠠᠮᠳᠤ ᠳᠤ ᠪᠠᠨ ᠳᠤᠭᠤᠯᠤᠭᠰᠠᠭᠠᠷ ᠢᠷᠡᠵᠡᠢ᠃ ᠪᠠᠶᠠᠠᠭᠤᠪᠢ ᠭᠠᠴᠠᠭᠠᠨ ᠤ 147 ᠡᠷᠦᠭᠡ ᠶᠢᠨ 345 ᠬᠦᠮᠦᠨ ᠤ ᠳᠤᠳᠤᠷ᠎ᠠ᠂ ᠺᠠᠷᠲ ᠳᠤ ᠳᠠᠩᠰᠠᠯᠠᠭᠳᠠᠭᠰᠠᠨ 48 ᠶᠠᠳᠠᠭᠤ ᠬᠦᠴᠢᠷᠳᠡᠯᠳᠡᠢ ᠡᠷᠦᠬᠡ ᠶᠢᠨ 121 ᠬᠦᠮᠦᠨ ᠲᠠᠢ᠃ ᠠᠶᠢᠯ ᠠᠶᠢᠯ ᠤᠨ ᠪᠠᠶᠢᠳᠠᠯ ᠢ ᠠᠯᠠᠭᠠᠨ ᠵᠢᠷᠤᠭᠠᠰᠤ ᠪᠠᠨ ᠰᠢᠭ ᠳᠤᠳᠤᠷᠬᠠᠢ ᠮᠡᠳᠡᠳᠡᠭ ᠮᠦᠩᠭᠦᠨᠴᠡᠴᠡᠭ᠂ ᠨᠠᠷᠢᠯᠢᠭ ᠤᠨᠤᠪᠴᠢᠳᠠᠢ ᠶᠠᠳᠠᠭᠤ ᠶᠢ ᠳᠡᠳᠬᠦᠬᠦ ᠠᠵᠢᠯ ᠢ ᠯᠠᠪᠳᠠᠭᠤᠨ ᠨᠢᠮᠪᠠᠢ ᠬᠢᠵᠦ᠂ ᠨᠢᠬᠡ ᠡᠷᠦᠬᠡ ᠶᠢ ᠴᠦ ᠬᠤᠴᠤᠷᠠᠭᠠᠯ ᠦᠬᠡᠢ ᠬᠠᠮᠳᠤ ᠪᠠᠷ ᠬᠦᠭᠵᠢᠨ᠂ ᠪᠦᠬᠦ ᠭᠠᠴᠠᠭ᠎ᠠ ᠪᠠᠷ  ᠎ ᠨᠢ ᠶᠠᠳᠠᠭᠤ ᠠᠴᠠ ᠠᠩᠬᠢᠵᠢᠷᠠᠭᠤᠯᠬᠤ ᠶᠢ ᠠᠵᠢᠯ ᠤᠨ ᠵᠤᠷᠢᠯᠳᠠ ᠪᠠᠨ ᠪᠤᠯᠭᠠᠭᠰᠠᠨ ᠶᠤᠮ᠃
     ᠮᠠᠯᠴᠢᠨ ᠲᠦᠮᠡᠡᠭᠡᠷᠡᠯ ᠤᠨ ᠬᠦᠦ ᠨᠢ ᠬᠤᠳᠠ ᠳᠤ ᠬᠦᠯᠦᠰᠦᠨ ᠠᠵᠢᠯ ᠬᠢᠵᠦ᠂ ᠦᠬᠢᠨ ᠨᠢ ᠡᠨᠡ ᠵᠢᠯ ᠰᠠᠶ᠋ᠢ ᠶᠡᠭᠡ ᠰᠤᠷᠭᠠᠭᠤᠯᠢ ᠳᠤ ᠤᠷᠤᠭᠰᠠᠨ ᠨᠢ ᠭᠠᠭᠴᠠ ᠪᠡᠶ᠎ᠡ ᠪᠦᠰᠡᠬᠦᠢ ᠶᠢᠨ ᠬᠤᠪᠢ ᠳᠤ   ᠲᠠᠩᠴᠢ ᠶᠡᠭᠡ ᠲᠠᠷᠤᠭᠠᠰᠤ ᠎ ᠲᠠᠢ ᠪᠠᠶᠢᠭᠰᠠᠨ ᠶᠤᠮ᠃ ᠪᠠᠶᠢᠲᠠᠯ ᠢ ᠤᠶᠢᠯᠠᠭᠠᠭᠰᠠᠨ ᠮᠦᠩᠭᠦᠨᠴᠡᠴᠡᠭ᠂ ᠲᠦᠷᠦᠯ ᠵᠦᠢᠯ ᠤᠨ ᠬᠤᠷᠤᠭ᠎ᠠ ᠪᠠᠷᠢᠬᠤ ᠎ ᠳᠤ ᠦᠪᠡᠷᠳᠡᠭᠡᠨ ᠳᠤᠰᠢᠶᠡᠬᠤ ᠶᠤᠰᠤᠳᠠᠢ 5000 ᠲᠦᠭᠦᠷᠢᠭ ᠢ ᠨᠢ ᠬᠠᠪᠰᠤᠷᠤᠨ ᠳᠤᠰᠢᠶᠠᠭᠰᠠᠨ ᠪᠦᠭᠡᠳ ᠪᠡᠭᠡᠵᠢᠩ ᠪᠠ ᠦᠪᠦᠷ ᠮᠤᠩᠭᠤᠯ ᠤᠨ ᠶᠠᠳᠠᠭᠤ ᠶᠢ ᠳᠡᠳᠬᠦᠬᠦ ᠬᠠᠮᠳᠤᠷᠠᠯᠴᠠᠭᠠᠨ ᠤ ᠲᠦᠷᠦᠯ ᠵᠦᠢᠯ ᠤᠨ ᠤᠰᠤ ᠳᠡᠭᠡᠭᠡᠬᠦ ᠳᠡᠷᠭᠡ ᠎ ᠶᠢ ᠭᠤᠶᠤᠴᠢᠯᠠᠨ ᠤᠯᠵᠤ᠂ ᠤᠰᠤ ᠤᠮᠳᠠᠨ ᠤ ᠠᠰᠠᠭᠤᠳᠠᠯ ᠢ ᠨᠢ ᠰᠢᠢᠳᠪᠦᠷᠢᠯᠡᠵᠦ ᠦᠭᠴᠡᠢ᠃ ᠡᠬᠦᠨ ᠤ ᠬᠠᠮᠳᠤ᠂ ᠬᠤᠰᠢᠭᠤ ᠡᠪᠯᠡᠯ ᠤᠨ ᠬᠤᠷᠢᠶᠠᠨ ᠤ 5000 ᠲᠦᠭᠦᠷᠢᠭ ᠤᠨ ᠰᠤᠷᠤᠯᠭ᠎ᠠ ᠳᠡᠳᠬᠦᠬᠦ ᠮᠦᠩᠭᠦ ᠶᠢ ᠡᠷᠡᠮᠡᠯᠵᠡᠨ ᠤᠯᠭᠤᠵᠤ᠂ ᠦᠬᠢᠨ ᠤ ᠬᠢᠨᠢ ᠰᠤᠷᠭᠠᠭᠤᠯᠢ ᠳᠤ ᠰᠠᠭᠤᠬᠤ ᠭᠠᠴᠢᠭᠲᠠᠯ ᠢ ᠰᠢᠢᠳᠪᠦᠷᠢᠯᠡᠵᠦ ᠦᠭᠭᠦᠭᠰᠡᠨ ᠶᠤᠮ᠃ ᠤᠶᠢᠷ᠎ᠠ ᠳᠤ ᠪᠠᠰᠠ᠂ ᠭᠠᠴᠠᠭᠠᠨ ᠳᠤ ᠰᠠᠭᠤᠭ᠎ᠠ ᠠᠵᠢᠯᠯᠠᠬᠤ ᠠᠩᠭᠢ ᠶᠢᠨ ᠬᠢᠨ ᠲᠠᠢ ᠪᠠᠨ ᠬᠠᠮᠳᠤ ᠲᠦᠮᠡᠡᠭᠡᠷᠡᠯ ᠤᠨ ᠎ ᠳᠤ ᠢᠷᠡᠨ᠂ ᠳᠡᠬᠦᠨ ᠳᠤ ᠨᠡᠶᠢᠳᠡ ᠶᠢᠨ ᠠᠰᠠᠷᠠᠮᠵᠢ ᠶᠢᠨ ᠴᠢᠨᠠᠷᠳᠠᠢ ᠠᠵᠢᠯ ᠤᠨ ᠪᠠᠶᠢᠷᠢ ᠡᠷᠡᠮᠡᠯᠵᠡᠵᠦ ᠤᠯᠤᠭᠰᠠᠨ ᠪᠠᠶᠠᠷᠳᠤ ᠴᠢᠮᠡᠭᠡ  ᠎ ᠶᠢ ᠲᠤᠭᠤᠯᠭᠠᠭᠰᠠᠨ ᠨᠢ᠂ ᠠᠷᠠᠳ ᠮᠠᠯᠴᠢᠨ ᠢᠶᠠᠨ  ᠰᠡᠳᠬᠢᠯ ᠳᠡᠭᠡᠨ ᠲᠡᠭᠡᠭᠡᠵᠦ ᠯᠠ ᠶᠠᠪᠤᠲᠠᠭ  ᠵᠠᠯᠠᠭᠤᠭᠠᠨ ᠱᠦᠵᠢ ᠶᠢᠨ ᠠᠵᠢᠯ ᠤᠨ ᠴᠢᠲᠠᠪᠤᠷᠢ ᠪᠤᠯᠬᠤ ᠨᠢ ᠭᠠᠷᠴᠠᠭ᠎ᠠ ᠦᠭᠡᠢ᠃
     ᠡᠶᠡᠯᠳᠡᠭ ᠳᠤᠰᠠᠷᠬᠠᠭ ᠵᠠᠩ ᠢᠶᠠᠷ ᠢᠶᠠᠨ ᠤᠯᠠᠨ ᠳᠤ ᠪᠠᠨ ᠬᠦᠷᠢᠶᠡᠯᠡᠭᠳᠡᠨ᠂ ︽ᠨᠢᠭᠡᠳᠦᠭᠡᠷ ᠱᠦᠵᠢ︾ ᠪᠣᠯᠤᠨ ᠶᠠᠳᠠᠭᠤ ᠶᠢ ᠲᠡᠳᠬᠦᠬᠦ ᠠᠵᠢᠯᠯᠠᠬᠤ ᠳᠤᠭᠤᠶᠢᠯᠠᠩ ᠤᠨ ᠳᠠᠷᠤᠭ᠎ᠠ ᠶᠢᠨ ᠳᠠᠪᠬᠤᠷ ᠡᠬᠦᠷᠭᠡ ᠶᠢ ᠢᠳᠡᠪᠬᠢᠳᠡᠢ ᠡᠭᠦᠷᠭᠡᠯᠡᠵᠦ ᠪᠠᠶᠢᠭ᠎ᠠ ᠮᠦᠩᠭᠦᠨᠴᠡᠴᠡᠭ᠂ ᠭᠠᠴᠠᠭᠠᠨ ᠤ ᠬᠤᠶᠠᠷ ᠵᠥᠪᠯᠡᠯ ᠤᠨ ᠤᠳᠤᠷᠢᠳᠤᠯᠭ᠎ᠠ ᠳᠡᠮᠵᠢᠯᠭᠡ ᠳᠣᠣᠷ᠎ᠠ᠂ ᠺᠠᠷᠲ ᠳᠤ ᠳᠠᠩᠰᠠᠯᠠᠭᠳᠠᠭᠰᠠᠨ ᠶᠠᠳᠠᠭᠤ ᠬᠦᠴᠢᠷᠳᠡᠯᠲᠡᠶ ᠡᠷᠦᠬᠡ ᠶᠢ ᠪᠦᠬᠦᠨ ᠢ ᠶᠠᠳᠠᠭᠤ ᠠᠴᠠ ᠨᠢ ᠠᠩᠭᠢᠵᠢᠷᠠᠭᠤᠯᠵᠤ᠂ ᠭᠠᠴᠠᠭᠠᠨ ᠤ ᠬᠠᠮᠲᠤ ᠶᠢᠨ ᠠᠵᠤ ᠠᠬᠤᠶ ᠶᠢ ᠨᠡᠮᠡᠭᠳᠡᠬᠦᠯᠦᠨ᠂ ᠪᠠᠶᠠᠠᠭᠤᠪᠢ ᠭᠠᠴᠠᠭᠠᠨ ᠳᠤ ᠢᠯᠡᠷᠭᠡᠢ ᠦᠭᠡᠷᠡᠴᠢᠯᠡᠯᠳᠡ ᠶᠢ ᠠᠪᠴᠢᠷᠠᠨ ᠤᠷᠢ ᠵᠠᠯᠠᠭᠤ ᠶᠢᠨ ᠤᠷᠬᠢᠯᠤᠮ᠎ᠠ ᠬᠦᠰᠡᠯ ᠢᠶᠠᠷ ᠢᠶᠠᠨ ᠬᠢᠯᠠᠷᠠᠭᠤᠯᠵᠤ ᠪᠠᠶᠢᠭ᠎ᠠ ᠨᠢ ᠤᠯᠠᠨ ᠬᠦᠮᠦᠰ ᠤᠨ ᠲᠠᠭᠤᠷᠢᠶᠠᠯ ᠪᠤᠯᠬᠤ ᠨᠢ ᠮᠡᠲᠡᠭᠡᠵᠢ︕
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号