ᠰᠠᠶᠢᠨ ᠳᠤᠷᠠᠴᠤᠳ ᠤᠨ ᠰᠠᠶᠢᠨ ᠤ ᠦᠢᠯᠡᠰ ᠤᠨ ᠠᠶᠠᠨ ᠦᠷᠭᠦᠯᠵᠢᠯᠡᠭᠰᠡᠭᠡᠷ
ᠨᠡᠶᠢᠲᠡᠯᠡᠭᠰᠡᠨ ᠴᠠᠭ᠄
2020/7/20
                           ᠬᠠᠮ ᠵᠠᠭᠤᠴᠢᠯᠠᠭᠤᠷ ᠤᠨ ᠰᠤᠷᠪᠤᠯᠵᠢᠯᠠᠭᠴᠢ᠄ ᠳᠡᠯᠭᠡᠷᠴᠡᠴᠡᠭ      ᠰᠠᠶᠢᠬᠠᠨᠳᠠᠯ᠎ᠠ ᠪᠠᠯᠭᠠᠰᠤᠨ ᠤ ᠷᠠᠰᠢᠶᠠᠨ ᠨᠠᠶᠢᠬᠡᠮ ᠳᠤᠭᠤᠷᠢᠭ ᠤᠨ ᠢᠳᠡᠷ ᠦᠳᠡᠯᠦᠬᠡ 10 ᠬᠦᠮᠦᠨ ᠢᠶᠠᠷ ᠪᠦᠷᠢᠯᠳᠦᠭᠰᠡᠨ ᠰᠠᠶᠢᠨ ᠳᠤᠷ᠎ᠠ ᠶᠢᠨ ︽ᠳᠤᠭᠤᠷᠢᠨ ᠳᠤᠰᠠᠯᠠᠬᠤ︾ ᠠᠩᠭᠢ ᠨᠢ  ᠪᠠᠶᠢᠭᠤᠯᠤᠭᠲᠠᠭᠰᠠᠨ ᠠᠴᠠ ᠨᠠᠭᠠᠰᠢᠬᠢ 14  ᠵᠢᠯ ᠤᠨ ᠲᠤᠷᠰᠢ᠂ ᠤᠯᠠᠨ ᠲᠦᠮᠡᠨ ᠳᠤ ᠲᠤᠰᠠᠯᠠᠨ᠂ ᠨᠠᠰᠤ ᠠᠬᠢᠵᠤ ᠳᠡᠩᠭᠡᠭᠡ ᠬᠦᠷᠬᠦ ᠦᠬᠡᠢ ᠪᠤᠯᠬᠤ ᠶᠢᠨ ᠬᠠᠷᠠᠭ᠎ᠠ ᠪᠠᠷ ᠠᠩᠭᠢ ᠶᠢᠨ ᠬᠡᠰᠢᠬᠦᠨ ᠨᠢ ᠰᠤᠯᠢᠭᠳᠠᠭᠰᠠᠨ ᠴᠦ᠂ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠬᠡᠵᠢᠶᠡᠳᠡ ᠪᠠᠷᠢᠮᠳᠠᠯᠠᠨ᠂ ᠤᠯᠠᠨ ᠤ ᠪᠠᠨ ᠬᠦᠨᠳᠦᠳᠬᠡᠯ ᠬᠦᠷᠢᠶᠡᠯᠡᠯ ᠢ ᠤᠯᠤᠭᠰᠠᠭᠠᠷ ᠢᠷᠡᠭᠰᠡᠨ ᠶᠤᠮ᠃
     ᠡᠨᠡ ᠵᠢᠯ 63 ᠨᠠᠰᠤᠳᠠᠢ ᠯᠢ ᠰᠢᠦ ᠮᠧᠢ᠂ ᠠᠵᠢᠯ ᠠᠴᠠ ᠪᠠᠨ ᠲᠠᠷᠬᠠᠯᠠᠭᠲᠠᠭᠰᠠᠨ ᠤ ᠳᠠᠷᠠᠭ᠎ᠠ᠂ ᠨᠡᠶᠢᠬᠡᠮ ᠳᠤᠭᠤᠷᠢᠭ ᠤᠨ ᠢᠶᠠᠨ ᠰᠠᠶᠢᠨ ᠳᠤᠷ᠎ᠠ ᠶᠢᠨ ︽ᠳᠤᠭᠤᠷᠢᠨ ᠳᠤᠰᠠᠯᠠᠬᠤ︾ ᠠᠩᠭᠢ ᠳᠤ ᠤᠷᠤᠯᠴᠠᠭᠰᠠᠨ ᠶᠤᠮ᠃ ︽ᠬᠠᠮᠢᠭ᠎ᠠ ᠰᠠᠶᠢᠨ ᠳᠤᠷ᠎ᠠ ᠶᠢᠨ ᠦᠢᠯᠡᠴᠢᠯᠡᠭᠡ ᠪᠠᠶᠢᠪᠠᠯ ᠪᠢ ᠳᠡᠨᠳᠡ ᠪᠠᠶᠢᠨ᠎ᠠ︾ ᠬᠡᠵᠡᠬᠡᠳᠡᠭ ᠰᠠᠶᠢᠨ ᠳᠤᠷᠠᠴᠤᠳ ᠤᠨ ᠨᠢᠭᠡᠨ ᠶᠠᠭᠠᠬᠢᠬᠤ ᠠᠷᠭ᠎ᠠ ᠦᠬᠡᠢ ᠲᠡᠷᠡ ᠶᠤᠮ᠃ ︽ᠨᠡᠶᠢᠬᠡᠮ ᠳᠤᠭᠤᠷᠢᠭ ᠤᠨ ᠶᠡᠭᠡ ᠭᠡᠷ ᠪᠦᠯᠢ ᠶᠢᠨ ᠨᠢᠬᠡᠨ ᠬᠡᠰᠢᠬᠦᠨ᠂ ᠮᠦᠨᠴᠦ ᠨᠠᠮ ᠤᠨ ᠭᠡᠰᠢᠬᠦᠨ ᠪᠤᠯᠤᠭᠰᠠᠨ ᠤ ᠬᠤᠪᠢ ᠳᠤ ᠦᠪᠡᠷ ᠤᠨ ᠪᠡᠶ᠎ᠡ ᠪᠠᠷ ᠢᠶᠠᠨ ᠳᠠᠭᠤᠷᠢᠶᠠᠯ ᠪᠤᠯᠵᠤ ᠨᠡᠩ ᠤᠯᠠᠨ ᠬᠦᠮᠦᠰ ᠢ ᠤᠷᠤᠯᠴᠠᠭᠤᠯᠵᠤ ᠴᠢᠳᠠᠪᠠᠯ᠂ ᠡᠨᠡ ︿ᠶᠡᠭᠡ ᠬᠡᠷ ᠪᠦᠯᠢ﹀ ᠰᠠᠶ᠋ᠢ ᠰᠠᠶᠢᠨ ᠰᠠᠶᠢᠬᠠᠨ ᠪᠤᠯᠵᠤ ᠴᠢᠳᠠᠨ᠎ᠠ᠃︾ ᠬᠡᠵᠦ ᠲᠡᠷᠡ ᠰᠤᠷᠪᠤᠯᠵᠢᠯᠠᠭᠴᠢ ᠳᠤ ᠪᠠᠶᠠᠷᠳᠠᠶᠢᠬᠠᠨ ᠶᠠᠷᠢᠨ᠎ᠠ᠃
     ᠳᠠᠷᠭᠡᠳᠡᠬᠢ ᠬᠦᠮᠦᠰ ᠢᠶᠠᠨ ᠨᠦᠯᠦᠬᠡᠯᠡᠨ ᠵᠦᠪ ᠰᠠᠶᠢᠨ ᠡᠨᠧᠷᠬᠢ ᠲᠦᠭᠡᠭᠡᠵᠦ ᠶᠠᠪᠤᠳᠠᠭ ᠯᠢ ᠰᠢᠦ ᠮᠧᠢ ᠶᠢᠨ ᠨᠦᠯᠦᠬᠡ ᠪᠠᠷ᠂ ᠨᠦᠬᠦᠷ ᠯᠢ ᠴᠠᠩ ᠯᠢᠨ ᠨᠢ ᠴᠦ ᠰᠠᠶᠢᠨ ᠳᠤᠷ᠎ᠠ ᠶᠢᠨ ᠠᠩᠭᠢ ᠳᠤ ᠢᠳᠡᠪᠬᠢᠯᠡᠨ ᠤᠷᠤᠯᠴᠠᠵᠤ᠂ ᠠᠪᠠᠭᠠᠢ ᠨᠦᠬᠦᠷ ᠬᠤᠶᠠᠭᠤᠯᠠ ᠪᠠᠨ ᠬᠠᠷᠢᠯᠴᠠᠨ ᠰᠤᠷᠤᠯᠴᠠᠵᠤ᠂ ᠬᠠᠷᠢᠯᠴᠠᠨ ᠬᠠᠪᠰᠤᠷᠤᠯᠴᠠᠵᠤ᠂ ᠤᠯᠠᠨ ᠲᠦᠮᠡᠨ ᠳᠤ ᠳᠤᠰᠠ ᠪᠠᠨ ᠬᠦᠷᠭᠡᠨ᠂ ᠤᠯᠠᠨ ᠤ ᠰᠠᠶᠢᠨ ᠳᠠᠭᠤᠷᠢᠶᠠᠯ ᠪᠤᠯᠵᠦ ᠶᠠᠪᠤᠨ᠎ᠠ᠃      ᠯᠢ ᠴᠠᠩ ᠯᠢᠨ᠄ ᠲᠤᠬᠠᠢ ᠶᠢᠨ ᠦᠶ᠎ᠡ ᠳᠤ ᠰᠠᠶᠢᠨ ᠳᠤᠷ᠎ᠠ ᠶᠢᠨ ᠦᠢᠯᠡᠴᠢᠯᠡᠬᠡᠨ ᠤ ᠮᠠᠰᠢᠨ ᠴᠢᠬᠤᠯᠠ ᠲᠠᠢ ᠪᠤᠯᠬᠤ ᠦᠶ᠎ᠡ ᠳᠤ ᠪᠢ ᠰᠠᠶᠢᠨ ᠳᠤᠷ᠎ᠠ ᠠᠴᠠ ᠪᠠᠨ ᠨᠡᠷ᠎ᠡ ᠮᠡᠳᠡᠭᠦᠯᠵᠦ ᠤᠷᠤᠯᠴᠠᠭᠰᠠᠨ ᠶᠤᠮ᠃ ᠶᠡᠷᠦ ᠨᠢ ᠲᠦᠷᠢᠶᠡᠰᠦᠨ ᠮᠠᠰᠢᠨ ᠤ ᠵᠢᠯᠤᠭᠤᠴᠢ ᠪᠤᠯᠬᠤᠷ᠂ ᠬᠡᠦᠬᠡᠳ ᠨᠠᠰᠤᠳᠠᠨ ᠶᠤᠮ ᠤᠤ᠂ ᠬᠡᠨᠡᠳᠳᠡ ᠶᠢᠨ ᠶᠠᠪᠤᠳᠠᠯ ᠳᠤᠬᠢᠶᠠᠯᠳᠤᠪᠠᠯ᠂ ᠨᠡᠶᠢᠬᠡᠮ ᠳᠤᠭᠤᠷᠢᠭ ᠤᠨ ᠤᠳᠤᠷᠢᠳᠤᠯᠭ᠎ᠠ ᠪᠠᠷ ᠳᠠᠮᠵᠢᠨ ᠨᠠᠳᠠᠳᠤ ᠤᠳᠠᠰᠤᠳᠠᠪᠠᠯ ᠪᠢ ᠲᠡᠷᠡ ᠳᠠᠷᠤᠢ ᠵᠤᠷᠢᠭᠰᠠᠨ ᠭᠠᠵᠠᠷ ᠲᠤ ᠨᠢ ᠬᠦᠷᠭᠡᠵᠦ ᠦᠭᠳᠡᠭ᠃ ᠮᠢᠨᠦ ᠤᠳᠠᠰᠤ 24 ᠴᠠᠭ ᠨᠡᠭᠡᠭᠡᠯᠳᠡᠳᠡᠢ᠂ ᠪᠦᠬᠦᠳᠡ ᠤᠯᠠᠨ ᠢᠶᠠᠷ ᠢᠶᠠᠨ ᠬᠦᠳᠡᠯᠦᠯᠴᠡᠪᠡᠯ ᠰᠠᠶᠢᠨ ᠰᠠᠶᠢᠬᠠᠨ ᠬᠡᠷ ᠤᠷᠤᠨ ᠢᠶᠠᠨ ᠬᠠᠮᠳᠤᠪᠡᠷ ᠴᠤᠭᠴᠠᠯᠠᠵᠤ ᠪᠤᠯᠤᠨ᠎ᠠ᠃
           ᠬᠡᠴᠢᠨᠡᠨ ᠵᠢᠯ ᠤᠨ ᠳᠤᠷᠰᠢ ︽ᠳᠤᠭᠤᠷᠢᠨ ᠳᠤᠰᠠᠯᠠᠬᠤ︾ ᠠᠩᠭᠢ ᠶᠢᠨ ᠭᠡᠰᠢᠬᠦᠳ ᠨᠡᠶᠢᠬᠡᠮ ᠳᠤᠭᠤᠷᠢᠭ ᠤᠨ ᠡᠯ᠎ᠡ ᠲᠦᠷᠦᠯ ᠤᠨ ᠠᠮᠤᠷ ᠲᠦᠪᠰᠢᠨ ᠤ ᠳᠠᠯᠳᠠ ᠭᠡᠮ ᠰᠤᠭᠤᠭ᠂ ᠤᠷᠴᠢᠨ ᠳᠤᠭᠤᠷᠢᠨ ᠤ ᠠᠷᠢᠭᠤᠨ ᠴᠡᠪᠡᠷ᠂ ᠠᠷᠠᠳ ᠤᠨ ᠲᠤᠮᠳᠠᠬᠢ ᠵᠦᠷᠢᠴᠡᠯ ᠮᠦᠷᠭᠦᠯᠳᠦᠬᠡᠨ ᠠᠴᠠ ᠡᠬᠢᠯᠡᠭᠡᠳ ᠶᠡᠭᠡ ᠪᠠᠭ᠎ᠠ ᠶᠠᠪᠤᠳᠠᠯ ᠳᠤ ᠪᠠᠶᠢᠩᠭᠤ ᠳᠤᠰᠠᠯᠠᠨ ᠂ ᠲᠡᠷᠭᠡᠳᠡᠬᠢ ᠬᠦᠮᠦᠰ ᠢᠶᠠᠨ ᠨᠦᠯᠦᠬᠡᠯᠡᠭᠰᠡᠨ ᠢᠶᠠᠷ᠂ ᠨᠡᠶᠢᠬᠡᠮ ᠳᠤᠭᠤᠷᠢᠭ ᠤᠨ ᠤᠯᠠᠨ ᠲᠦᠮᠡᠨ ᠳᠡᠳᠡᠨ ᠢ ᠨᠡᠷ᠎ᠡ ᠤᠰᠤ ᠪᠠᠷ ᠨᠢ ᠳᠠᠨᠢᠳᠠᠭ ᠦᠬᠡᠢ ᠴᠦ᠂ ᠤᠯᠠᠭᠠᠨ ᠬᠠᠨᠵᠢᠶᠠᠷ ᠰᠢᠷ᠎ᠠ ᠬᠠᠨᠴᠤᠶᠢᠪᠴᠢ ᠶᠢ ᠪᠤᠯ ᠠᠨᠳᠠᠳᠠᠭ ᠬᠦᠮᠦᠨ ᠪᠠᠶᠢᠬᠤ ᠦᠬᠡᠢ ᠪᠢᠯᠡ᠃ ᠡᠨᠡ ᠤᠳᠠᠭ᠎ᠠ ᠮᠦᠨ ᠯᠡ ᠬᠠᠷᠢᠶ᠎ᠠ ᠤᠷᠤᠨ ᠤ ᠪᠠᠨ ᠡᠯ᠎ᠡ ᠰᠠᠭᠤᠭᠠᠯᠢ ᠳᠤᠭᠤᠷᠢᠭ ᠢᠶᠠᠷ ︽ᠳᠤᠭᠤᠷᠢᠨ ᠪᠠᠶᠢᠴᠠᠭᠠᠵᠤ︾ ᠶᠠᠪᠤᠬᠤ ᠳᠤ ᠪᠠᠨ᠂ ᠨᠥᠩ ᠵᠢᠢ ᠰᠠᠭᠤᠭᠠᠯᠢ ᠳᠤᠭᠤᠷᠢᠭ ᠤᠨ ᠬᠦᠷᠢᠶᠡᠨ ᠳᠠᠬᠢ ᠪᠤᠬᠢᠷ ᠤᠰᠤᠨ ᠤ ᠬᠤᠳᠳᠤᠭ ᠤᠨ ᠡᠪᠳᠡᠷᠡᠵᠦ ᠬᠠᠭᠠᠷᠠᠭᠰᠠᠨ ᠠᠮᠰᠠᠷ ᠢ ᠰᠡᠯᠪᠢᠨ ᠵᠠᠰᠠᠵᠤ᠂ ᠳᠤᠷ᠎ᠠ ᠪᠠᠷ ᠬᠠᠶᠠᠭᠰᠠᠨ ᠬᠤᠭ ᠨᠤᠪᠰᠢ ᠵᠡᠷᠭᠡ ᠶᠢ ᠴᠡᠪᠡᠷᠯᠡᠵᠡᠭᠡᠨ ᠶᠠᠭᠠᠷᠠᠯ᠎ᠠ᠃      2006 ᠤᠨ ᠠᠴᠠ ᠡᠬᠢᠯᠡᠨ᠂ ᠷᠠᠰᠢᠶᠠᠨ ᠨᠡᠶᠢᠬᠡᠮ ᠳᠤᠭᠤᠷᠢᠭ ᠲᠤ ᠤᠷᠢᠳ ᠬᠤᠵᠢᠳ ᠰᠠᠶᠢᠨ ᠳᠤᠷ᠎ᠠ ᠶᠢᠨ ︽ᠳᠤᠭᠤᠷᠢᠨ ᠳᠤᠰᠠᠯᠠᠬᠤ︾ ᠠᠩᠭᠢ᠂ ᠲᠦᠷᠦ ᠶᠢᠨ ᠪᠤᠳᠤᠯᠭ᠎ᠠ ᠶᠢᠨ ᠤᠬᠠᠭᠤᠯᠭ᠎ᠠ ᠶᠢᠨ ᠠᠩᠭᠢ᠂ ᠤᠯᠠᠨ ᠲᠦᠮᠡᠨ  ᠳᠤ ᠲᠦᠭᠦᠮ ᠦᠢᠯᠡᠴᠢᠯᠡᠭᠡ ᠦᠵᠡᠬᠦᠯᠬᠦ ᠠᠩᠭᠢ᠂ ᠤᠳᠬ᠎ᠠ ᠤᠷᠠᠯᠢᠭ ᠤᠨ ᠠᠵᠢᠯᠯᠠᠭᠠᠨ ᠤ ᠠᠩᠭᠢ᠂ ᠨᠠᠮ ᠤᠨ ᠬᠡᠰᠢᠬᠦᠨ ᠬᠤᠰᠢᠭᠤᠴᠢ ᠠᠩᠭᠢ ᠵᠡᠷᠭᠡ ᠵᠠᠯᠭ᠎ᠠ ᠵᠠᠯᠭ᠎ᠠ ᠪᠠᠷ ᠪᠠᠶᠢᠭᠤᠯᠤᠭᠳᠠᠵᠤ᠂ ︽ᠬᠤᠪᠢ ᠨᠡᠮᠡᠷᠢ ᠦᠵᠡᠬᠦᠯᠵᠦ᠂ ᠬᠠᠶᠢᠷ᠎ᠠ ᠬᠠᠯᠠᠮᠵᠢ ᠡᠷᠭᠦᠨ᠂ ᠬᠠᠷᠢᠯᠴᠠᠨ ᠬᠠᠪᠰᠤᠷᠤᠯᠴᠠᠵᠤ᠂ ᠬᠠᠮᠳᠤᠪᠡᠷ ᠳᠠᠪᠰᠢᠬᠤ︾ ᠰᠠᠶᠢᠨ ᠳᠤᠷ᠎ᠠ ᠶᠢᠨ ᠦᠢᠯᠡᠴᠢᠯᠡᠬᠡᠨ ᠤ ᠵᠤᠷᠢᠭ ᠰᠠᠨᠠᠭ᠎ᠠ ᠪᠠᠷ ᠭᠠᠷᠳᠠᠴᠠ ᠪᠤᠯᠭᠠᠨ᠂ ᠰᠢᠨ᠎ᠡ ᠴᠠᠭ ᠦᠶ᠎ᠡ ᠶᠢᠨ ᠪᠤᠯᠪᠠᠰᠤᠨ ᠦᠪᠦᠷ ᠮᠤᠩᠭᠤᠯ ᠢ ᠪᠠᠶᠢᠭᠤᠯᠬᠤ ︽ᠠᠷᠪᠠᠨ ᠶᠡᠭᠡ ᠠᠵᠢᠯᠯᠠᠭ᠎ᠠ︾ ᠲᠠᠢ ᠤᠶᠠᠯᠳᠤᠭᠤᠯᠤᠨ᠂ ᠪᠤᠯᠪᠠᠰᠤᠨ ᠤ ᠴᠡᠴᠡᠭ ᠢ ᠳᠡᠯᠭᠡᠷᠡᠬᠦᠯᠵᠦ ᠶᠡᠪᠤᠨ᠎ᠡ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号