ᠠᠨᠢᠷ ᠦᠭᠡᠢ ᠶᠢᠨ ᠲᠤᠮᠲᠠᠬᠢ ᠠᠵᠢᠯᠰᠠᠭ ᠠᠷᠠᠨᠰᠢᠨ
ᠨᠡᠶᠢᠲᠡᠯᠡᠭᠰᠡᠨ ᠴᠠᠭ᠄
2020/6/30
     ᠡᠵᠢ ᠶᠢᠨ ᠢᠶᠠᠨ ᠬᠠᠯᠠᠭᠤᠨ ᠬᠡᠪᠡᠯᠢ ᠠᠴᠠ ᠡᠨᠡ ᠤᠷᠴᠢᠯᠠᠩ ᠢ ᠲᠦᠭᠦᠷᠡᠩ ᠬᠠᠷᠠᠵᠤ᠂ ᠪᠦᠷᠢᠨ ᠰᠤᠨᠤᠰᠬᠤ ᠲᠠᠪᠢᠯᠠᠩ ᠲᠠᠢ ᠵᠠᠶᠠᠭᠠᠭᠰᠠᠨ ᠴᠦ᠂ ᠪᠠᠯᠴᠢᠷ ᠲᠠᠪᠤᠬᠠᠨ ᠨᠠᠰᠤᠨ ᠳᠤ ᠨᠢ ᠲᠤᠬᠢᠶᠠᠭᠰᠠᠨ ᠨᠢᠭᠡᠨ ᠤᠲᠠᠭᠠᠨ ᠤ ᠡᠮ ᠲᠠᠷᠢᠭᠠᠨ ᠤ ᠴᠠᠯᠠᠭᠠᠶᠢᠲᠠᠯ ᠠᠴᠠ ᠰᠤᠨᠤᠰᠬᠤ ᠴᠢᠲᠠᠪᠤᠷᠢ ᠪᠠᠨ ᠪᠦᠷᠢᠮᠦᠰᠦᠨ ᠠᠯᠲᠠᠭᠰᠠᠨ ᠨᠢᠭᠡᠨ ᠵᠠᠯᠠᠭᠤ ᠰᠥᠨᠢᠳ ᠪᠠᠷᠠᠭᠤᠨ ᠬᠤᠰᠢᠭᠤᠨ ᠤ ᠡᠷᠢᠶᠠᠠᠨᠠᠭᠤᠷ ᠰᠤᠮᠤᠨ ᠤ ᠲᠦᠮᠡᠨ ᠭᠠᠴᠠᠭᠠᠨ ᠳᠤ  ᠪᠠᠶᠢᠲᠠᠭ᠃ ᠲᠡᠭᠦᠨ ᠢ ᠤᠳᠬᠤᠬᠤᠲᠤ ᠭᠡᠲᠡᠭ᠃ ᠬᠤᠪᠢ ᠵᠠᠶᠠᠭᠠᠨ ᠤ ᠬᠠᠲᠠᠭᠤᠬᠠᠨ ᠲᠠᠪᠢᠯᠠᠩ ᠳᠤ ᠤᠨᠤᠭᠲᠠᠭᠰᠠᠨ ᠴᠦ᠂ ᠬᠠᠯᠠᠰᠢᠷᠠᠯ ᠦᠭᠡᠢ ᠬᠦᠲᠡᠯᠮᠦᠷᠢ᠂ ᠬᠠᠯᠠᠭᠤᠨ ᠰᠡᠳᠬᠢᠯ ᠢᠶᠠᠷ ᠠᠮᠢᠲᠤᠷᠠᠯ ᠳᠤ ᠪᠠᠨ  ᠬᠠᠨᠲᠤᠨ᠂ ᠰᠠᠶᠢᠬᠠᠨ ᠠᠮᠢᠲᠤᠷᠠᠯ ᠤᠨ ᠢᠶᠠᠨ ᠲᠦᠯᠦᠭᠡ ᠵᠤᠷᠢᠵᠤ ᠯᠠ ᠶᠠᠪᠤᠭ᠎ᠠ ᠲᠡᠷᠡ ᠪᠤᠯ᠂ ᠶᠠᠲᠠᠭᠤ ᠶᠢ ᠲᠡᠳᠭᠦᠭᠦ ᠲᠦᠷᠦ ᠶᠢᠨ ᠪᠤᠲᠤᠯᠭ᠎ᠠ ᠶᠢᠨ ᠢᠪᠡᠭᠡᠯ ᠢ ᠬᠦᠷᠲᠡᠭᠰᠡᠨ ᠦᠢ ᠤᠯᠠᠨ ᠬᠦᠮᠦᠰ ᠤᠨ ᠨᠢᠭᠡᠨ ᠪᠢᠯᠡ᠃
     2014 ᠤᠨ ᠳᠤ ᠶᠠᠲᠠᠭᠤ ᠡᠷᠦᠭᠡ ᠳᠤ ᠬᠠᠮᠤᠷᠤᠭᠲᠠᠭᠰᠠᠨ ᠤᠳᠬᠤᠬᠤᠲᠤ᠂ ᠡᠵᠢ ᠲᠠᠢ ᠪᠠᠨ ᠬᠤᠶᠠᠭᠤᠯᠠ ᠠᠮᠢᠲᠤᠷᠠᠲᠠᠭ᠃ ᠵᠡᠮᠲᠡᠭ ᠡᠵᠢ ᠨᠢ ᠨᠠᠰᠤᠨ ᠦᠲᠡᠯᠦᠭᠰᠡᠨ ᠠᠴᠠ ᠠᠵᠢᠯ ᠬᠦᠲᠡᠯᠮᠦᠷᠢ ᠳᠤ ᠠᠷᠠᠢ ᠲᠡᠮ ᠦᠭᠡᠢ ᠪᠤᠯᠤᠭᠰᠠᠨ ᠪᠦᠭᠡᠳ ᠪᠡᠶ᠎ᠡ ᠮᠠᠭᠤᠲᠠᠢ ᠶᠢᠨ ᠤᠯᠠᠮ ᠢᠶᠠᠷ ᠶᠠᠲᠠᠭᠤ ᠶᠢ ᠲᠡᠳᠭᠦᠭᠦ ᠲᠦᠷᠦ ᠶᠢᠨ ᠪᠤᠲᠤᠯᠭ᠎ᠠ ᠪᠠᠷ ᠰᠠᠶᠢᠬᠠᠨᠲᠠᠯ᠎ᠠ ᠪᠠᠯᠭᠠᠰᠤᠨ ᠤ ᠵᠢᠷᠭᠠᠯᠠᠩ ᠨᠠᠰᠤᠲᠠᠶᠢᠴᠤᠳ ᠤᠨ ᠠᠰᠠᠷᠠᠮᠵᠢ ᠶᠢᠨ ᠬᠦᠷᠢᠶᠡᠯᠡᠩ ᠳᠤ ᠲᠠᠯᠠᠨ ᠬᠠᠪᠲᠠᠭᠠᠢ ᠲᠦᠷᠪᠡᠯᠵᠢᠨ ᠮᠧᠲᠷ ᠤᠨ ᠲᠤᠬᠢᠯᠢᠭ ᠰᠠᠶᠢᠬᠠᠨ ᠰᠠᠭᠤᠴᠠ ᠲᠠᠢ ᠪᠤᠯᠤᠭᠰᠠᠨ ᠠᠴᠠ᠂ ᠤᠲᠤᠬᠠᠨ ᠰᠠᠶᠢᠬᠠᠨᠲᠠᠯ᠎ᠠ ᠪᠠᠯᠭᠠᠰᠤᠨ ᠳᠤ ᠠᠮᠢᠲᠤᠷᠠᠵᠤ ᠪᠤᠢ᠃ ᠢᠩᠬᠢᠭᠰᠡᠨ ᠠᠴᠠ ᠬᠦᠲᠡᠭᠡ ᠨᠤᠲᠤᠭ ᠲᠠᠭᠠᠨ ᠪᠠᠶᠢᠭ᠎ᠠ ᠤᠳᠬᠤᠨᠬᠤᠲᠤ᠂ ᠭᠡᠷ ᠲᠡᠷᠭᠡ ᠬᠤᠲᠠ ᠬᠦᠷᠢᠶ᠎ᠡ ᠪᠠᠨ ᠴᠡᠪᠡᠷᠯᠡᠬᠦ᠂ ᠬᠤᠨᠢ ᠮᠠᠯ ᠢᠶᠠᠨ ᠤᠰᠤᠯᠠᠵᠤ ᠲᠡᠵᠢᠭᠡᠬᠦ᠂ ᠬᠠᠶᠢᠴᠢᠯᠠᠬᠤ ᠭᠡᠳ ᠠᠨᠢᠷ ᠦᠭᠡᠢ ᠠᠮᠢᠲᠤᠷᠠᠯ ᠤᠨ ᠢᠶᠠᠨ ᠪᠦᠬᠦᠶᠢᠯᠡ ᠵᠦᠢᠯ ᠢ ᠭᠠᠭᠴᠠᠭᠠᠷ ᠠᠮᠵᠢᠭᠤᠯᠵᠤ  ᠴᠢᠷᠮᠠᠶᠢᠭᠰᠠᠭᠠᠷ ᠯᠠ ᠪᠠᠶᠢᠭ᠎ᠠ ᠨᠢ ᠪᠡᠶ᠎ᠡ ᠵᠡᠮᠲᠡᠭ ᠴᠦ ᠪᠢᠯᠢᠭ ᠰᠠᠷᠠᠭᠤᠯ ᠲᠡᠭᠦᠨ ᠤ ᠦᠭᠡᠲᠡᠷᠭᠡᠭ ᠦᠵᠡᠯ ᠤᠨ ᠬᠢᠨᠢ ᠢᠯᠡᠷᠬᠡᠶᠢᠯᠡᠯ ᠪᠤᠯᠵᠡᠢ᠃ ᠵᠡᠮᠲᠡᠭ ᠤᠨ ᠤᠯᠠᠮ ᠢᠶᠠᠷ ᠤᠨᠲᠤᠷᠤᠯᠭ᠎ᠠ ᠮᠠᠭᠤᠲᠠᠢ ᠪᠤᠯᠤᠭᠰᠠᠨ ᠡᠲᠡᠨᠢᠢᠬᠢᠨ ᠲᠦᠷᠪᠡᠨ ᠵᠢᠯ ᠤᠨ ᠲᠤᠷᠰᠢᠬᠢ ᠲᠡᠳᠭᠦᠯᠲᠡ ᠳᠤ ᠬᠠᠮᠤᠭ ᠤᠨ ᠲᠤᠤᠷ᠎ᠠ ᠠᠮᠢᠲᠤᠷᠠᠯ ᠤᠨ ᠪᠠᠲᠤᠯᠠᠭᠠᠨ ᠤ ᠨᠦᠭᠦᠪᠦᠷᠢ᠂ ᠵᠡᠮᠲᠡᠭ ᠤᠨ  ᠨᠦᠭᠦᠪᠦᠷᠢ ᠎ ᠠᠴᠠ ᠦᠭᠰᠦᠭᠦᠯᠦᠨ ᠰᠢᠨ᠎ᠡ ᠭᠡᠷ ᠪᠠᠶᠢᠰᠢᠩ᠂ ᠨᠠᠷᠠ ᠰᠠᠯᠬᠢᠨ ᠡᠨᠧᠷᠬᠢ ᠪᠠᠷ ᠴᠠᠬᠢᠯᠭᠠᠨ ᠭᠠᠷᠭᠠᠬᠤ ᠲᠦᠭᠦᠭᠡᠷᠦᠮᠵᠢ᠂ ᠤᠰᠤ ᠴᠡᠪᠡᠷᠰᠢᠭᠦᠯᠭᠦ ᠲᠦᠭᠦᠭᠡᠷᠦᠮᠵᠢ ᠲᠠᠢ ᠪᠤᠯᠤᠭᠰᠠᠨ ᠨᠢ ᠨᠠᠮ ᠵᠠᠰᠠᠭ ᠤᠨ  ᠬᠠᠶᠢᠷ᠎ᠠ ᠬᠠᠯᠠᠮᠵᠢ ᠶᠢ ᠮᠡᠲᠡᠷᠡᠭᠦᠯᠦᠨ᠂ ᠠᠵᠤ ᠠᠮᠢᠲᠤᠷᠠᠯ ᠢᠶᠠᠨ ᠦᠭᠡᠲᠡ ᠨᠢ ᠲᠠᠲᠠᠬᠤ ᠢᠲᠡᠭᠡᠯ ᠤᠨ ᠭᠠᠯ ᠢ ᠨᠢ ᠴᠠᠬᠢᠨ᠂ ᠤᠲᠤ ᠵᠠᠭᠤᠭᠠᠳ ᠮᠠᠯ ᠲᠠᠢ ᠶᠠᠲᠠᠭᠤ ᠠᠴᠠ ᠠᠩᠬᠢᠵᠢᠷᠠᠭᠰᠠᠨ ᠦᠭᠡᠲᠡᠷᠭᠡᠭ  ᠠᠶᠢᠯ ᠪᠤᠯᠤᠨ ᠬᠢᠯᠠᠷᠠᠭᠤᠯᠵᠤ ᠪᠤᠢ᠃
     ᠬᠦᠷᠲᠡᠬᠦ ᠶᠤᠰᠤᠲᠠᠢ ᠬᠦᠷᠲᠡᠭᠡᠮᠵᠢ ᠶᠢ ᠡᠵᠡᠨ ᠳᠤ ᠨᠢ ᠤᠯᠭᠤᠵᠤ᠂ ᠬᠦᠲᠡᠯᠮᠦᠷᠢ ᠲᠡᠮᠡᠴᠡᠯ ᠢᠶᠠᠷ ᠢᠶᠠᠨ ᠴᠢᠨᠡᠭᠡᠯᠢᠭ ᠠᠮᠢᠲᠤᠷᠠᠯ ᠢᠶᠠᠨ ᠴᠤᠭᠴᠠᠯᠠᠬᠤ ᠶᠢ ᠲᠠᠶᠢᠴᠢᠯᠠᠭᠰᠠᠨ ᠶᠠᠲᠠᠭᠤ ᠶᠢ ᠲᠡᠳᠭᠦᠭᠦ ᠲᠦᠷᠦ ᠶᠢᠨ ᠪᠤᠲᠤᠯᠭ᠎ᠠ ᠨᠢ ᠶᠠᠭ ᠯᠠ ᠢᠩᠬᠢᠵᠦ ᠲᠦᠮᠡᠨ ᠤᠯᠠᠨ ᠳᠤ ᠪᠠᠨ ᠠᠰᠢᠭ ᠢᠶᠠᠨ  ᠬᠦᠷᠲᠡᠭᠡᠵᠦ᠂ ᠢᠲᠡᠭᠡᠯ ᠵᠤᠷᠢᠭ ᠤᠨ ᠨᠠᠨᠲᠢᠨ ᠲᠦᠰᠢᠭ ᠪᠤᠯᠵᠤ  ᠪᠠᠶᠢᠭ᠎ᠠ ᠨᠢ ᠰᠠᠶᠢᠬᠠᠨ ᠡ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号