ᠡᠨᠡ ᠵᠢᠯ ᠤᠨ 5 ᠰᠠᠷ᠎ᠠ ᠶᠢᠨ 3 ᠳᠤ ᠰᠥᠨᠢᠳ ᠪᠠᠷᠠᠭᠤᠨ ᠬᠤᠰᠢᠭᠤᠨ ᠤ ᠨᠢᠭᠡᠲᠦᠮᠡᠯ ᠬᠤᠯᠪᠤᠭ᠎ᠠ 5G | ᠰᠦᠯᠵᠢᠶᠡᠨ ᠤ ᠲᠤᠬᠢᠶ᠎ᠠ ᠬᠤᠯᠪᠤᠭᠠᠨ ᠤ ᠦᠷᠲᠡᠭᠡ ᠶᠢ ᠪᠠᠶᠢᠭᠤᠯᠤᠭᠰᠠᠨ ᠢᠶᠠᠷ᠂ ᠪᠢᠲᠡ ᠪᠦᠭᠦᠨ ᠤ ᠬᠦᠰᠡᠨ | ᠮᠦᠷᠦᠭᠡᠳᠴᠦ ᠪᠠᠶᠢᠭᠰᠠᠨ 5G ᠶᠢᠨ ᠴᠠᠭ ᠦᠶ᠎ᠡ ᠵᠢᠩᠬᠢᠨᠢ ᠪᠠᠷ ᠬᠦᠷᠴᠦ ᠢᠷᠡᠯ᠎ᠡ᠃ | | ᠰᠥᠨᠢᠳ ᠪᠠᠷᠠᠭᠤᠨ ᠬᠤᠰᠢᠭᠤᠨ ᠤ ᠨᠢᠭᠡᠲᠦᠮᠡᠯ ᠬᠤᠯᠪᠤᠭᠠᠨ ᠤ ᠡᠵᠡᠩᠨᠡᠯᠲᠡ ᠶᠢᠨ ᠲᠠᠩᠬᠢᠮ ᠳᠤ 5G | ᠰᠦᠯᠵᠢᠶ᠎ᠡ ᠪᠠ ᠭᠠᠷ ᠤᠲᠠᠰᠤᠨ ᠤ ᠲᠤᠬᠠᠢ ᠤᠶᠢᠯᠭᠠᠬᠤ ᠪᠠᠷ ᠢᠷᠡᠭᠰᠡᠳ᠂ ᠬᠤᠲᠠᠯᠲᠤᠭᠴᠢ ᠶᠢᠨ ᠲᠠᠨᠢᠯᠴᠠᠭᠤᠯᠭ᠎ᠠ | ᠠᠴᠠ 4G ᠪᠤᠯᠤᠨ5G ᠰᠦᠯᠵᠢᠶ᠎ᠡ ᠶᠢᠨ ᠬᠤᠷᠲᠤ ᠶᠢᠨ ᠵᠦᠷᠢᠶ᠎ᠡ ᠶᠢ ᠦᠵᠡᠭᠡᠳ᠂ ᠰᠢᠨ᠎ᠡ ᠲᠧᠭᠨᠢᠭ ᠮᠡᠷᠭᠡᠵᠢᠯ | ᠤᠨ ᠰᠤᠨᠢᠨ ᠰᠠᠶᠢᠬᠠᠨ ᠢ ᠪᠠᠭ᠋ᠠᠲᠤᠨ ᠪᠢᠰᠢᠷᠠᠨ᠎ᠠ᠃ | | | ᠤᠲᠤᠬᠠᠨ ᠳᠤ ᠰᠥᠨᠢᠳ ᠪᠠᠷᠠᠭᠤᠨ ᠬᠤᠰᠢᠭᠤᠨ ᠤ ᠨᠢᠭᠡᠲᠦᠮᠡᠯ ᠬᠤᠯᠪᠤᠭᠠᠨ ᠤ ᠺᠤᠮᠫᠠᠨᠢ ᠶᠢᠨ5G ᠰᠦᠯᠵᠢᠶ᠎ᠡ | ᠶᠢᠨ ᠲᠤᠬᠢᠶ᠎ᠠ ᠨᠢ ᠡᠷᠬᠢᠨ ᠲᠤᠭᠤᠷᠢᠨ ᠤ ᠬᠤᠶᠠᠷ ᠺᠢᠯᠤᠮᠧᠲᠷ ᠤᠨ ᠤᠷᠴᠢᠮ ᠤᠨ ᠭᠤᠤᠯ ᠵᠡᠭᠡᠯᠢ ᠵᠠᠮ᠂ | ᠭᠤᠤᠯᠲᠠᠯᠠᠭ᠎ᠠ ᠲᠠᠢ ᠤᠷᠤᠨ ᠪᠦᠰᠡ ᠶᠢ ᠴᠦᠮ ᠪᠦᠷᠭᠦᠵᠦ᠂ 5 ᠰᠠᠭᠤᠭᠠᠯᠢ ᠲᠤᠭᠤᠷᠢᠭ ᠲᠤ ᠬᠤᠤᠰ ᠮᠢᠩᠭᠠᠨ | MB ᠶᠢᠨ ᠰᠦᠯᠵᠢᠶ᠎ᠡ ᠨᠡᠪᠲᠡᠷᠡᠭᠦᠯᠵᠦ᠂ ᠤᠯᠠᠨ ᠲᠦᠮᠡᠨ ᠳᠤ ᠭᠡᠷ ᠲᠡᠭᠡᠨ ᠰᠠᠭᠤᠪᠠᠯ 1000MB ᠤᠨ ᠦᠨᠲᠦᠷ | ᠬᠤᠷᠲᠤᠴᠠ ᠲᠠᠢ ᠰᠦᠯᠵᠢᠶ᠎ᠡ ᠠᠰᠢᠭᠯᠠᠨ᠂ ᠭᠠᠲᠠᠭᠰᠢ ᠭᠠᠷᠪᠠᠯ1000M B ᠶᠢᠨ ᠬᠤᠷᠲᠤᠴᠠ ᠲᠠᠢ 5G | ᠰᠦᠯᠵᠢᠶ᠎ᠡ ᠠᠰᠢᠭᠯᠠᠬᠤ ᠪᠦᠷᠢᠨ ᠪᠤᠯᠤᠮᠵᠢ ᠶᠢ ᠤᠯᠭᠤᠭᠠᠳ ᠪᠤᠢ᠃ ᠡᠭᠦᠨ ᠪᠠᠷ ᠪᠠᠷᠠᠬᠤ ᠦᠭᠡᠢ ᠵᠢᠯ ᠤᠨ ᠡᠴᠦᠰ | ᠲᠤ ᠪᠦᠬᠦ ᠬᠤᠰᠢᠭᠤᠨ ᠤ ᠬᠡᠪᠴᠢᠶᠡᠨ ᠳᠤ 5G ᠰᠦᠯᠵᠢᠶ᠎ᠡ ᠶᠢ ᠪᠦᠷᠭᠦᠭᠦᠯᠭᠦ ᠪᠠᠷ ᠲᠦᠯᠦᠪᠯᠡᠵᠦ ᠪᠤᠢ᠃ | | | 5G ᠰᠦᠯᠵᠢᠶ᠎ᠡ ᠲᠠᠢ ᠲᠠᠨᠢᠯᠴᠠᠶ᠎ᠠ︕ | ᠤᠳᠠᠰᠤᠳᠠᠬᠤ ᠨᠢ 4G᠂ 3G ᠴᠢᠨᠠᠭᠰᠢᠯᠠᠨ 2G ᠰᠦᠯᠵᠢᠶ᠎ᠡ ᠪᠠᠷ ᠤᠳᠠᠰᠤᠳᠠᠬᠤ ᠲᠠᠢ ᠲᠡᠮᠡᠢ ᠶᠡᠭᠡ | ᠢᠯᠭᠠᠭ᠎ᠠ ᠦᠭᠡᠢ᠂ ᠬᠡᠪᠡᠴᠤ ᠨᠢᠭᠡ ᠰᠧᠺᠦ᠋ᠨ᠋ᠳ᠋ ᠲᠤ ᠨᠢᠭᠡ ᠺᠢᠨᠤ᠋ ᠪᠠᠭᠤᠯᠭᠠᠵᠤ ᠲᠡᠶᠢᠯᠬᠦ ᠬᠤᠷᠳᠤᠴᠠ ᠨᠢ 4G | ᠰᠦᠯᠵᠢᠶ᠎ᠠ ᠶᠢᠨ 100 ᠲᠠᠬᠢᠨ᠃ 《ᠲᠡᠭᠡᠳᠤ ᠬᠤᠷᠳᠤᠯᠠᠮᠵᠢ》 ᠨᠢ 5G ᠮᠡᠷᠭᠡᠵᠢᠯ ᠤᠨ ᠴᠢᠬᠤᠯᠠ ᠤᠨᠴᠠᠯᠢᠭ | ᠪᠤᠯᠪᠠ᠃ ᠬᠡᠷᠡᠭᠯᠡᠭᠴᠢᠳ ᠭᠠᠷ ᠤᠳᠠᠰᠤ ᠪᠠᠷ ᠦᠨᠳᠤᠷ ᠲᠤᠳᠤᠷᠠᠮᠵᠢᠳᠤ ᠺᠢᠨᠤ᠋ ᠦᠵᠡᠬᠦ᠂ VR ︵ᠵᠢᠱᠢᠮᠡᠭ ᠠᠬᠤᠢ︶ | ᠲᠤᠭᠯᠠᠭᠠᠮ ᠨᠠᠭᠠᠳᠬᠤ ᠨᠢ ᠨᠡᠩ ᠢᠯᠭᠤᠮ ᠤᠷᠤᠬᠰᠢᠳᠠᠢ ᠪᠠ ᠦᠨᠡᠨ ᠪᠤᠳᠠᠳᠠᠢ ᠪᠤᠯᠵᠤ᠂ ᠰᠦᠯᠵᠢᠶᠡᠨ ᠤ ᠲᠤᠬᠢᠶ᠎ᠠ | ᠦᠭᠡᠢ ᠶᠢᠨ ᠬᠠᠷᠠᠭ᠎ᠠ ᠪᠠᠷ ᠴᠢᠬᠤᠯᠠ ᠮᠡᠳᠡᠭᠡ ᠵᠠᠩᠬᠢ ᠶᠢ ᠠᠯᠳᠠᠵᠤ ᠭᠠᠷᠭᠠᠬᠤ ᠪᠠᠶᠢᠳᠠᠯ ᠭᠠᠷᠬᠤ ᠠᠴᠠ ᠰᠠᠨᠠᠭ᠎ᠠ | ᠵᠤᠪᠠᠭᠰᠠᠨ ᠤ ᠬᠡᠷᠡᠭ ᠦᠭᠡᠢ ᠪᠤᠯᠤᠨ᠎ᠠ᠃ | | | 5G ᠰᠦᠯᠵᠢᠶ᠎ᠠ ᠶᠢ ᠭᠡᠷᠡᠭᠯᠡᠭᠦ ᠳᠤ ᠭᠠᠷ ᠤᠳᠠᠰᠤ ᠪᠠᠨ ᠰᠤᠯᠢᠬᠤ ᠱᠠᠭᠠᠷᠳᠠᠯᠭ᠎ᠠ ᠲᠠᠢ ᠤᠤ︖ | 5G ᠰᠦᠯᠵᠢᠶ᠎ᠠ ᠶᠢ ᠭᠡᠷᠡᠭᠯᠡᠭᠦ ᠳᠤ ᠭᠠᠷ ᠤᠳᠠᠰᠤ ᠪᠠᠨ ᠵᠠᠪᠠᠯ ᠰᠤᠯᠢᠬᠤ ᠴᠢᠬᠤᠯᠠ ᠲᠠᠢ᠃ ᠬᠡᠬᠦ ᠳᠡᠭᠡᠨ | ᠭᠡᠷᠡᠭᠯᠡᠭᠴᠢᠳ ᠡᠶᠢᠮᠤᠷᠭᠦ ᠭᠠᠷ ᠤᠳᠠᠰᠤ ᠬᠤᠳᠠᠯᠳᠤᠨ ᠠᠪᠬᠤ ᠶᠢ ᠶᠠᠭᠠᠷᠠᠭᠰᠠᠨ ᠤ ᠭᠡᠷᠡᠭ ᠦᠭᠡᠢ᠂ ᠬᠠᠷᠢᠨ ᠭᠠᠷ | ᠤᠳᠠᠰᠤᠨ ᠤ ᠬᠤᠳᠠᠯᠳᠤᠭ᠎ᠠ ᠡᠵᠡᠩᠨᠡᠯᠳᠡ ᠶᠢᠨ ᠦᠢᠯᠡᠴᠢᠯᠡᠭᠡᠨ ᠤ ᠭᠠᠵᠠᠷ ᠢᠶᠠᠷ ᠪᠠᠶᠢᠡᠭᠭᠤ ᠬᠦᠷᠴᠤ ᠨᠠᠷᠢᠨ ᠪᠠᠶᠢᠳᠠᠯ ᠢ | ᠴᠠᠭ ᠲᠤᠬᠠᠢ ᠳᠤᠨᠢ ᠦᠢᠯᠠᠭᠠᠵᠤ ᠪᠠᠶᠢᠭᠠᠷᠠᠢ︕ | | | 4G ᠰᠦᠯᠵᠢᠶᠠᠨ ᠤ ᠭᠠᠷ ᠤᠳᠠᠰᠤ ᠶᠢ ᠵᠠᠬ᠎ᠠ ᠲᠡᠯᠭᠡᠭᠦᠷ ᠠᠴᠠ ᠲᠠᠶᠠᠭᠳᠠᠬᠤ ᠤᠤ︖ | ᠦᠨᠡᠨᠳᠡᠭᠡᠨ 4G ᠰᠦᠯᠵᠢᠶᠠᠨ ᠤ ᠭᠠᠷ ᠤᠳᠠᠰᠤ ᠶᠢ ᠵᠠᠬ᠎ᠠ ᠲᠡᠯᠭᠡᠭᠦᠷ ᠠᠴᠠ ᠲᠠᠶᠠᠭᠳᠠᠴᠢᠬᠠᠨᠠ ᠭᠡᠰᠡᠨ ᠶᠠᠪᠤᠳᠠᠯ | ᠪᠢᠰᠢ᠃ 4G ᠰᠦᠯᠵᠢᠶᠠᠨ ᠤ ᠴᠠᠭ ᠦᠶ᠎ᠠ ᠳᠤ 2G ᠰᠦᠯᠵᠢᠶ᠎ᠠ ᠶᠢ ᠠᠰᠢᠭᠯᠠᠵᠤ ᠪᠠᠶᠢᠭ᠎ᠠ ᠬᠦᠮᠤᠰ ᠴᠤ ᠤᠯᠠᠨ | ᠪᠤᠢ᠃ ᠶᠠᠭ ᠡᠭᠦᠨ ᠲᠠᠢ ᠠᠳᠠᠯᠢ ᠪᠠᠷ 4G ᠰᠦᠯᠵᠢᠶ᠎ᠠ ᠶᠢ ᠴᠤ ᠠᠰᠢᠭᠯᠠᠵᠤ ᠪᠤᠯᠤᠨ᠎ᠠ᠃ ᠡᠶᠢᠮᠤ ᠠᠴᠠ 5G | ᠰᠦᠯᠵᠢᠶᠠᠨ ᠤ ᠭᠠᠷ ᠤᠳᠠᠰᠤ ᠶᠢ ᠶᠠᠭᠠᠷᠠᠯᠳᠠᠢ ᠭᠡᠷᠡᠭᠯᠡᠭᠦ ᠱᠠᠭᠠᠷᠳᠠᠯᠭ᠎ᠠ ᠦᠭᠡᠢ᠂ ᠬᠦᠮᠤᠰ ᠮᠦᠨ 4G | ᠰᠦᠯᠵᠢᠶ᠎ᠠ ᠶᠢ ᠠᠰᠢᠭᠯᠠᠵᠤ ᠪᠤᠯᠤᠨ᠎ᠠ᠃ ᠤᠳᠤᠬᠠᠨ ᠳᠤ 4G ᠰᠦᠯᠵᠢᠶᠠᠨ ᠤ ᠲᠤᠬᠢᠶᠠᠨ ᠤ ᠬᠤᠷᠳᠤᠴᠠ ᠴᠤ ᠮᠠᠰᠢ | ᠰᠠᠶᠢᠨ ᠪᠠᠶᠢᠵᠤ᠂ 5G ᠰᠦᠯᠵᠢᠶᠠᠨ ᠤ ᠲᠦᠷᠰᠤ ᠪᠢᠴᠢᠯᠭᠡ ᠨᠠᠶᠢᠳᠠᠮ ᠲᠦᠭᠡᠮᠡᠯᠵᠢᠭᠡ ᠦᠭᠡᠢ ᠪᠠᠶᠢᠳᠠᠯ ᠤᠨ ᠲᠤᠤᠷ᠎ᠠ | ᠂ 4G ᠰᠦᠯᠵᠢᠶ᠎ᠠ ᠨᠢ ᠡᠭᠡᠭᠡ ᠠᠳᠠᠯᠢ ᠪᠠᠷ ᠭᠡᠷᠡᠭᠯᠡᠭᠴᠢᠳ ᠤᠨ ᠬᠦᠰᠡᠯ ᠱᠠᠭᠠᠷᠳᠠᠯᠭ᠎ᠠ ᠶᠢ ᠬᠠᠨᠭ᠍ᠭᠠᠵᠤ ᠲᠠᠶᠢᠯᠤᠨ᠎ᠠ᠃ |