︽ᠤᠯᠤᠰ ᠤᠨ ᠬᠡᠦᠬᠡᠳ︾᠎   ᠰᠠᠷᠠᠨᠴᠢᠮᠡᠭ
ᠨᠡᠶᠢᠲᠡᠯᠡᠭᠰᠡᠨ ᠴᠠᠭ᠄
2020/12/8
       ᠢᠳᠡᠬᠡᠯ ᠬᠦᠨᠳᠤᠳᠬᠡᠯ ᠲᠠᠢ ᠨᠤᠳᠤᠭ ᠤᠨ ᠲᠤᠮᠤᠭᠠᠳᠠᠨ ᠠᠷᠠᠳ ᠤᠨ ᠲᠦᠯᠤᠬᠡᠯᠡᠭᠴᠢ  ᠰᠠᠷᠠᠨᠴᠢᠮᠡᠭ                                    ᠴᠢᠮᠡᠭᠡᠯᠡᠭᠴᠢ᠄  ᠨᠠ᠊᠂ ᠪᠠᠶᠠᠠᠵᠢᠷᠭᠠᠯ      ᠤᠯᠤᠰ ᠤᠨ ᠬᠡᠤᠬᠡᠳ ᠤᠨ ᠳᠤᠰᠬᠠᠢ ᠰᠤᠷᠪᠤᠯᠵᠢᠯᠭ᠎ᠠ ᠪᠠᠷ ᠲᠠᠮᠤᠴᠢ ᠶᠢᠨ ᠳᠠᠯ᠎ᠠ ᠶᠢᠨ ᠡᠮᠤᠨ᠎ᠡ ᠵᠠᠬ᠎ᠠ ᠶᠢᠨ ᠡᠯᠢᠬᠡᠨ ᠎ ᠤ ᠶᠡᠭᠡ  ᠭᠤᠪᠢ ᠳᠠᠬᠢ ᠠᠪᠤᠷᠭᠤ ᠬᠦᠷᠪᠡᠯ ᠤᠨ ᠨᠤᠳᠤᠭ ᠴᠠᠭᠠᠨᠠᠭᠤᠷ ᠤᠨ ᠪᠠᠷᠠᠭᠤᠨ ᠰᠢᠯᠢ ᠶᠢᠨ ᠪᠡᠷᠬᠡ ᠶᠢᠨ ᠭᠤᠪᠢ ᠶᠢᠨ ᠬᠦᠨᠳᠡᠢ ᠶᠢᠨ ᠬᠦᠮᠡᠯᠢ ᠳᠠᠭᠠᠨ᠎ᠠ ᠴᠡᠴᠡᠭᠯᠡᠭᠰᠡᠨ ᠰᠢᠮᠡᠳᠤ ᠪᠡᠯᠴᠢᠬᠡᠷ ᠲᠤ ᠨᠤᠳᠤᠭᠯᠠᠵᠤ ᠪᠠᠶᠢᠭ᠎ᠠ ᠭᠠᠷ ᠤᠷᠠᠨ ᠭᠠᠪᠰᠢᠭᠠᠢ ᠬᠦᠳᠡᠯᠮᠤᠷᠢᠴᠢ ᠮᠠᠯᠴᠢᠨ᠂ ᠠᠷᠠᠳ ᠤᠨ ᠳᠠᠭᠤᠴᠢᠨ᠂ ᠠᠷᠠᠳ ᠤᠨ ᠲᠦᠯᠤᠬᠡᠯᠡᠭᠴᠢ ᠂ ᠨᠤᠳᠤᠭ ᠤᠨ ᠲᠤᠮᠤᠭᠠᠳᠠᠨ ᠰᠠᠷᠠᠨᠴᠢᠮᠡᠭ ᠭᠤᠸᠠᠢ ᠶᠢᠨ ᠳᠤ ᠬᠦᠷᠴᠤ  ᠰᠤᠷᠪᠤᠯᠵᠢᠯᠠᠯ᠎ᠠ᠃      ᠪᠢ ᠪᠤᠯ 1958 ᠣᠨ ᠳᠤ  ᠡᠮᠤᠨ᠎ᠡ ᠤᠷᠤᠨ ᠠᠴᠠ ᠢᠷᠡᠭᠰᠡᠨ ᠣᠯᠣᠰ ᠤᠨ ᠬᠡᠣᠬᠡᠳ  ᠤᠨ ᠨᠢᠬᠡ ᠶᠤᠮ᠃ ᠨᠠᠮᠠᠶᠢ ᠦᠷᠬᠡᠨᠳᠠᠯ᠎ᠠ ᠪᠠᠯᠭᠠᠰᠣᠨ ᠤ ᠪᠠᠶᠠᠨ᠋ᠣ᠋ᠪᠣᠭ᠎ᠠ ᠭᠠᠴᠠᠭᠠᠨ ᠤ ᠮᠠᠯᠴᠢᠨ᠂ ᠠᠪᠤ ᠮᠢᠵᠢᠳ ᠪᠣᠯᠣᠨ ᠡᠵᠢ ᠴᠡᠷᠡᠨᠯᠾᠮᠣ ᠬᠤᠶᠠᠷ ᠦᠷᠡᠴᠢᠯᠡᠨ ᠡᠷᠬᠦᠵᠣ ᠠᠪᠴᠡᠢ᠃ ᠠᠩᠬ᠎ᠠ ᠢᠷᠡᠬᠦ ᠦᠶ᠎ᠡ ᠳᠡᠭᠡᠨ ᠪᠠᠷᠤᠭ ᠭᠤᠷᠪᠠᠨ ᠣᠢ ᠬᠦᠷᠦᠭᠰᠡᠨ ᠲᠦᠯᠦᠪᠲᠡᠢ ᠬᠡᠣᠬᠡᠳ ᠪᠠᠶᠢᠬᠰᠡᠨ ᠬᠡᠵᠣ ᠠᠪᠤ ᠡᠵᠢ ᠮᠢᠨᠢ ᠶᠠᠷᠢᠳᠠᠭ ᠪᠢᠯᠡ᠃ ᠮᠢᠨᠤ ᠠᠪᠤ ᠡᠵᠢ ᠨᠠᠳᠠ ᠶᠢ ᠡᠷᠬᠦᠵᠣ ᠠᠪᠬᠤ ᠠᠴᠠ ᠡᠮᠦᠨ᠎ᠡ ᠬᠡᠳᠦᠶᠢᠪᠡᠷ ᠭᠤᠷᠪᠠᠨ ᠬᠡᠣᠬᠡᠳ ᠲᠠᠢ ᠪᠣᠯᠵᠣ ᠦᠩᠬᠡᠷᠡᠭᠰᠡᠨ ᠪᠣᠯᠪᠠᠴᠣ ᠪᠦᠷ ᠲᠣᠬᠳᠠᠬᠰᠡᠨ ᠦᠬᠡᠢ᠂ ᠨᠠᠮᠠᠶᠢ ᠡᠷᠬᠦᠵᠣ ᠠᠪᠣᠬᠰᠡᠨ ᠠᠴᠠ ᠬᠤᠶᠢᠰᠢ ᠬᠠᠷᠢᠨ ᠲᠠᠬᠢᠨ ᠲᠦᠷᠪᠡᠨ ᠬᠡᠣᠬᠡᠨ ᠨᠢᠬᠡ ᠬᠦᠦ ᠲᠠᠢ ᠪᠣᠯᠵᠣ᠂ ᠪᠢ ᠠᠶᠢᠯ ᠤᠨ ᠤᠤᠭᠠᠨ ᠬᠡᠤᠬᠡᠨ ᠨᠢ ᠪᠤᠯᠵᠤ ᠥᠰᠦᠭᠰᠡᠨ ᠶᠣᠮ᠃ ᠡᠷᠬᠦᠮᠡᠯ ᠭᠡᠳᠡᠭ ᠎ ᠢᠶᠠᠨ ᠪᠢ ᠦᠪᠡᠷ ᠢᠶᠠᠨ ᠮᠡᠳᠡᠳᠡᠭ ᠦᠬᠡᠢ᠂ ᠲᠡᠭᠦᠦᠨᠡᠷ ᠴᠤ ᠪᠦᠬᠦᠳᠡᠬᠡᠷ ᠮᠡᠳᠡᠳᠡᠭ ᠦᠬᠡᠢ  ᠪᠠᠶᠢᠭᠰᠠᠨ᠂ ᠬᠤᠵᠢᠮ ᠨᠢ ᠲᠤᠮᠤ ᠪᠤᠯᠵᠤ ᠰᠠᠶ᠋ᠢ  ᠮᠡᠳᠡᠭᠰᠡᠨ ᠶᠤᠮ᠃ ᠨᠠᠭᠠᠴᠤ ᠡᠮᠡᠭᠡ ᠮᠢᠨᠢ ᠪᠢᠳᠡᠨ ᠲᠠᠢ  ᠬᠠᠮᠳᠤ ᠰᠠᠭᠤᠳᠠᠭ᠂ ᠨᠡᠷ᠎ᠡ ᠨᠢ ᠪᠠᠳᠮ᠎ᠠ ᠬᠡᠳᠡᠭ᠂ ᠪᠢ ᠨᠠᠭᠠᠴᠤ ᠡᠮᠡᠭᠡ ᠶᠢᠨ ᠢᠶᠠᠨ ᠬᠠᠮᠤᠭ ᠤᠨ ᠬᠠᠶᠢᠷ᠎ᠠ ᠲᠠᠢ  ᠦᠬᠢᠨ ᠨᠢ ᠶᠤᠮ᠃ ᠮᠢᠨᠤ ᠡᠵᠢ᠂ ᠨᠠᠭᠠᠴᠤ ᠡᠮᠡᠭᠡ ᠪᠦᠷ ᠳᠠᠭᠤᠤ ᠰᠠᠶᠢᠬᠠᠨ ᠳᠠᠭᠤᠯᠠᠳᠠᠭ᠂  ᠪᠢ ᠡᠵᠢ ᠠᠴᠠ ᠪᠠᠨ ︽ᠬᠦᠭᠰᠢᠨ ᠬᠤᠤᠬᠤᠩ︾᠂ ︽ᠭᠠᠩᠭᠠᠩ ᠬᠠᠷ᠎ᠠ︾᠂  ︽ᠰᠢᠷ᠎ᠠ ᠬᠠᠳᠠ︾ ᠬᠡᠬᠦ ᠵᠡᠷᠬᠡ ᠤᠯᠠᠨ ᠰᠠᠶᠢᠬᠠᠨ ᠠᠷᠠᠳ ᠤᠨ  ᠲᠠᠭᠤᠤ ᠰᠤᠷᠤᠬᠰᠠᠨ ᠶᠤᠮ᠃ ᠪᠢᠳᠠᠨ ᠤ ᠪᠠᠭ᠎ᠠ ᠳᠤ ᠠᠶᠢᠯ ᠳᠤ ᠶᠡᠷᠤᠨᠢ ᠷᠠᠳᠢᠤ᠋ ᠲᠧᠯᠸᠢᠰ ᠪᠠᠶᠢᠳᠠᠭ ᠦᠬᠡᠢ᠂ ᠡᠪᠤᠯ ᠤᠨ ᠰᠦᠨᠢ ᠤᠷᠤᠢ ᠪᠤᠯᠪᠠᠯ ᠡᠷᠳᠡ ᠤᠨᠳᠡᠵᠤ᠂ ᠨᠠᠭᠠᠴᠤ ᠡᠮᠡᠭᠡ ᠶᠢᠨ ᠢᠶᠠᠨ ᠡᠪᠤᠷ ᠲᠤ  ︽ᠠᠷᠭᠠᠳᠤ ᠴᠠᠭᠠᠨ ᠲᠠᠤᠯᠠᠢ︾᠂  ︽ᠠᠷᠪᠠᠨ ᠬᠤᠶᠠᠷ ᠲᠤᠯᠤᠭᠠᠢ ᠲᠠᠢ ᠠᠳᠠᠭᠠᠷ ᠬᠠᠷ᠎ᠠ ᠮᠠᠩᠭᠤᠰ︾᠂  ︽ᠦᠨᠤᠴᠢᠨ ᠴᠠᠭᠠᠨ ᠪᠤᠳᠤᠭᠤ  ︾ ᠵᠡᠷᠬᠡ ᠦᠯᠢᠬᠡᠷ ᠲᠤᠤᠯᠢ ᠶᠢ ᠨᠢ ᠠᠮᠳᠠᠷᠬᠠᠨ ᠰᠤᠨᠤᠰᠳᠠᠭ ᠪᠠᠶᠢᠭᠰᠠᠨ᠃
     【ᠦᠨᠢᠶ᠎ᠡ ᠲᠤᠭᠤᠯ ᠢᠶᠠᠨ ᠠᠷᠠᠴᠢᠯᠠᠨ᠎ᠠ 】            ᠮᠠᠨ ᠤ ᠬᠢᠨ ᠪᠤᠯ ᠠᠷᠠᠳ ᠤᠨ ᠳᠠᠭᠤᠨ ᠤ ᠬᠠᠶᠢᠷᠴᠠᠭ᠂ ᠠᠮᠠᠨ ᠦᠯᠢᠬᠡᠷ ᠤᠨ ᠤᠭᠤᠲᠠ ᠬᠡᠮᠡᠷ ᠵᠤᠮ᠂ ᠲᠡᠶᠢᠮᠤ  ᠪᠤᠯᠬᠤᠷ ᠪᠠᠭ᠎ᠠ ᠠᠴᠠ ᠪᠠᠨ ᠪᠢ ᠳᠠᠭᠤᠨ ᠳᠤ ᠪᠠᠭ᠋ᠠᠳᠠᠢ᠂ ᠦᠯᠢᠬᠡᠷ ᠲᠤ ᠳᠤᠷᠠᠳᠠᠢ ᠴᠤᠪᠤᠭᠤ ᠲᠡᠭᠵᠢᠨ ᠬᠠᠶᠢᠷ᠎ᠠ ᠪᠢᠯᠬᠠᠬᠰᠠᠨ ᠠᠶᠤᠵᠤ ᠰᠦᠷᠳᠡᠬᠦ ᠶᠢ ᠮᠠᠳᠡᠬᠦ ᠦᠬᠡᠢ ᠡᠷᠡᠮᠡᠭ ᠵᠤᠷᠢᠭ ᠲᠠᠢ ᠮᠤᠩᠭᠤᠯ ᠬᠡᠤᠬᠡᠨ ᠪᠤᠯᠵᠤ ᠦᠰᠤᠨ ᠪᠤᠶᠢᠵᠢᠯ᠎ᠠ᠃      ᠪᠢ ᠠᠷᠪᠠᠨ ᠨᠠᠰᠣ ᠬᠦᠷᠴᠦ ᠰᠣᠷᠭᠠᠭᠤᠯᠢ ᠳᠤ ᠰᠠᠭᠤᠬᠤ ᠳᠤ ᠮᠠᠨ ᠤ ᠬᠢ ᠶᠢ ᠣᠯᠣᠰ ᠤᠨ ᠬᠡᠣᠬᠡᠳ ᠲᠠᠢ ᠠᠶᠢᠯ ᠬᠡᠳ ᠪᠠᠷᠢᠭᠠᠳᠠ ᠠᠴᠠ ᠨᠠᠳᠠᠳᠤ ᠰᠠᠷ᠎ᠠ ᠪᠦᠷᠢ 9 ᠲᠦᠭᠦᠷᠢᠭ ᠤᠨ ᠬᠤᠭᠤᠯᠠᠨ ᠰᠦᠢᠳᠬᠡᠯ ᠪᠡ ᠵᠢᠯ ᠪᠦᠷᠢ ᠎ ᠶᠢᠨ ᠡᠪᠦᠯ ᠤᠨ ᠬᠦᠪᠦᠩ ᠬᠤᠪᠴᠠᠰᠣ ᠦᠭᠴᠣ ᠲᠡᠮᠵᠢᠳᠡᠭ ᠪᠠᠶᠢᠬᠰᠡᠨ ᠶᠣᠮ᠃ ᠮᠠᠨ ᠤ ᠠᠩᠬᠢ ᠶᠢᠨ ᠪᠠᠭᠰᠢ ᠮᠦᠩᠬᠦᠨᠴᠡᠴᠡᠭ ᠬᠡᠳᠡᠭ  ᠂ ᠬᠡᠯᠡᠨ ᠪᠢᠴᠭ᠂ ᠲᠤᠭ᠎ᠠ ᠪᠣᠳᠣᠯᠭ᠎ᠠ ᠵᠢᠭᠠᠵᠣ ᠪᠠᠶᠢᠪᠠ᠃ ᠭᠤᠷᠪᠠ ᠣᠨ ᠬᠦᠷᠬᠦ ᠳᠤ ᠣᠯᠠᠨ ᠵᠦᠢᠯ ᠤᠨ ᠰᠢᠯᠳᠠᠭᠠᠨ ᠠᠴᠠ ᠰᠣᠷᠭᠠᠭᠤᠯᠢ ᠮᠢᠨᠢ ᠴᠦ ᠳᠠᠷᠬᠠᠬᠤ ᠪᠠᠶᠢᠳᠠᠯ ᠲᠠᠢ ᠪᠣᠯᠵᠣ᠂ ᠦᠨᠳᠣᠰᠣᠨ ᠳᠡᠭᠡᠨ ᠮᠠᠨ ᠤ ᠦᠪᠤᠷ ᠮᠤᠩᠭᠤᠯ ᠳᠤ ᠨᠡᠶᠢᠳᠡᠮ ᠬᠢᠴᠢᠶᠠᠯ ᠵᠣᠬᠰᠣᠬᠰᠡᠨ ᠬᠡᠳᠡᠭ ᠪᠢᠯᠠ᠃ ᠢᠩᠬᠢᠬᠡᠳ ᠯᠠ ᠠᠶᠢᠯ ᠤᠨ ᠬᠠᠮᠤᠭ ᠶᠡᠭᠡ ᠬᠡᠣᠬᠡᠳ ᠪᠣᠯᠣᠬᠰᠡᠨ ᠤ ᠬᠤᠪᠢ ᠳᠤ ᠳᠡᠬᠦᠨᠡᠷ ᠢᠶᠠᠨ ᠳᠠᠭᠠᠭᠤᠯᠵᠤ᠂ ᠠᠷᠭᠠᠯ ᠲᠡᠬᠦᠬᠦ᠂ ᠮᠠᠩᠬᠠᠨ ᠠᠴᠠ ᠰᠢᠪᠠᠭ ᠡᠭᠦᠷᠭᠦ᠂ ᠬᠤᠳᠲᠤᠭ ᠠᠴᠠ ᠣᠰᠣ ᠲᠠᠮᠨᠠᠬᠤ᠂ ᠨᠠᠭᠤᠷ ᠠᠴᠠ ᠮᠦᠰᠦ ᠬᠠᠭᠠᠯᠬᠤ ᠵᠡᠷᠬᠡ ᠠᠵᠢᠯ ᠢ ᠵᠢᠯ ᠤᠨ ᠲᠦᠷᠪᠡᠨ ᠣᠯᠠᠷᠢᠯ ᠳᠤ ᠦᠷᠬᠦᠯᠵᠢ ᠬᠢᠳᠡᠭ ᠪᠠᠶᠢᠬᠰᠡᠨ ᠠᠴᠠ ᠪᠠᠨ ᠠᠷᠪᠠᠨ ᠲᠦᠷᠪᠡᠨ ᠨᠠᠰᠣ ᠬᠦᠷᠦᠮᠡᠭᠴᠠ ᠬᠤᠨᠢ ᠬᠠᠷᠢᠭᠤᠯᠬᠤ ᠠᠵᠢᠯ ᠨᠡᠮᠡᠭᠳᠠᠵᠣ᠂ ᠬᠤᠨᠢᠨ ᠳᠠᠭᠠᠨ ᠶᠠᠪᠣᠵᠣ ᠢᠷᠡᠬᠡᠳ ᠴᠢᠯᠦᠬᠡ ᠵᠡᠪ ᠢᠶᠠᠷ ᠢᠶᠠᠨ ᠪᠣᠰᠣᠳ ᠠᠵᠢᠯ ᠎ ᠢᠶᠠᠨ ᠵᠠᠪᠳᠣᠵᠣ ᠬᠢᠳᠡᠭ ᠲᠣᠯᠠ ᠤᠷᠭᠤᠬᠤ ᠨᠠᠷᠠᠨ ᠠᠴᠠ ᠤᠨᠠᠬᠤ ᠨᠠᠷᠠᠨ ᠰᠢᠩᠬᠡᠳᠡᠯ᠎ᠡ ᠶᠠᠪ ᠶᠠᠭᠠᠷᠠᠣ ᠨᠢᠬᠡ ᠡᠳᠦᠷ ᠢ ᠦᠩᠬᠡᠷᠡᠭᠦᠯᠳᠡᠭ ᠶᠣᠮ᠃ ᠵᠠᠷᠢᠮ ᠦᠶ᠎ᠡ ᠳᠤ ᠪᠠᠷᠢᠭᠠᠳᠠ ᠶᠢᠨ ᠬᠠᠮᠳᠣ ᠶᠢᠨ ᠠᠵᠢᠯ ᠳᠤ ᠲᠠᠭᠤᠳᠠᠬᠳᠠᠵᠣ᠂ ᠴᠢᠯᠠᠭᠤ ᠭᠠᠷᠭᠠᠬᠤ᠂ ᠬᠤᠳᠲᠤᠭ ᠮᠠᠯᠳᠠᠬᠤ ᠵᠡᠷᠬᠡ ᠬᠠᠷ᠎ᠠ ᠪᠣᠷᠣ ᠠᠵᠢᠯ ᠳᠤ ᠣᠷᠣᠯᠴᠠᠵᠣ ᠪᠠᠶᠢᠬᠰᠡᠨ  ᠃ 1973 ᠣᠨ ᠳᠤ ᠡᠷᠦᠬᠡ ᠶᠢᠨ ᠴᠡᠷᠢᠭ ᠪᠣᠯᠵᠣ ᠡᠳᠡᠬᠡᠷ ᠠᠵᠢᠯ ᠢᠶᠠᠨ ᠬᠢᠬᠦ ᠶᠢᠨ ᠲᠠᠭᠠᠣ ᠳᠤ ᠡᠷᠦᠬᠡ ᠶᠢᠨ ᠴᠡᠷᠢᠭ ᠤᠨ ᠬᠠᠳᠠᠭᠤ ᠴᠢᠩᠭ᠎ᠠ ᠪᠣᠯᠪᠠᠰᠣᠷᠠᠯ ᠳᠤ ᠣᠷᠣᠯᠴᠠᠵᠣ ᠡᠷᠡᠬᠦᠯ ᠴᠢᠬᠢᠷᠠᠭ ᠪᠡᠶ᠎ᠡ ᠮᠠᠬᠠᠪᠣᠳ ᠲᠠᠢ᠂ ᠬᠤᠶᠠᠭ ᠵᠠᠪᠰᠡᠭ ᠲᠤ ᠴᠢᠳᠠᠮᠠᠭᠠᠢ ᠂ ᠡᠷᠡᠰ ᠬᠠᠳᠠᠭᠤ ᠰᠦᠰᠦ ᠵᠣᠷᠢᠭ ᠲᠠᠢ ᠮᠠᠯᠴᠢᠨ ᠪᠣᠯᠣᠨ ᠬᠦᠮᠦᠵᠢᠭᠳᠡᠭᠰᠡᠨ ᠶᠤᠮ ᠬᠡᠵᠦ ᠰᠠᠷᠠᠨᠴᠢᠮᠡᠭ  ᠳᠦᠯᠬᠡᠬᠡᠨ ᠲᠠᠶᠢᠪᠤᠭᠤᠬᠠᠨ ᠢᠶᠠᠷ  ᠬᠠᠭᠤᠴᠢᠯᠠᠨ ᠶᠠᠷᠢᠪᠠ᠃
     【 ᠵᠤᠯ ᠵᠢᠷᠭᠠᠯᠳᠤ ᠬᠡᠷ ᠪᠦᠯᠢ 】      ᠰᠠᠷᠠᠨᠴᠢᠮᠡᠭ ᠠᠷᠪᠠᠨ ᠨᠠᠢᠮᠠ ᠲᠠᠢ ᠳᠤ ᠪᠠᠨ ᠳᠤᠰ ᠪᠠᠷᠢᠭᠠᠳᠠ ᠶᠢᠨ ᠢᠶᠠᠨ ᠳᠤᠮᠳᠠᠳᠤ ᠰᠤᠷᠭᠠᠭᠤᠯᠢ ᠲᠡᠬᠦᠰᠤᠭ᠍ᠰᠡᠨ ᠨᠤᠳᠤᠭ ᠤᠨ ᠰᠡᠬᠡᠬᠡᠳᠡᠨ ᠵᠠᠯᠠᠭᠤ ᠭᠠᠯᠰᠠᠩᠵᠠᠮᠰᠣ ᠲᠠᠢ ᠰᠡᠳᠬᠢᠯ ᠲᠠᠢ ᠪᠤᠯᠵᠤ᠂ 1973 ᠣᠨ ᠳᠤ ᠠᠶᠢᠯ ᠡᠷᠦᠬᠡ ᠪᠤᠰᠬᠠᠵᠤ ᠲᠦᠷᠪᠡᠨ ᠬᠡᠤᠬᠡᠳ ᠤᠨ ᠡᠵᠢ ᠪᠤᠯᠵᠠᠢ᠃ ᠶᠡᠭᠡ ᠬᠦᠤ ᠨᠢ ᠴᠢᠯᠠᠭᠤᠨᠰᠦ᠋ᠬᠡ᠂ ᠪᠠᠭ᠎ᠠ ᠬᠦᠤ ᠎ ᠨᠢ ᠴᠢᠯᠠᠭᠤᠨᠪᠠᠳᠤ᠂ ᠶᠡᠭᠡ ᠬᠡᠤᠬᠡᠨ ᠨᠢ ᠶᠠᠭᠠᠨᠴᠡᠴᠡᠭ᠂ ᠪᠠᠭ᠎ᠠ ᠬᠡᠤᠬᠡᠨ ᠨᠢ ᠶᠠᠭᠠᠨᠳᠤᠶᠠᠭ᠎ᠠ ᠬᠡᠳᠡᠭ᠃ ᠣᠳᠣ ᠪᠦᠬᠦᠳᠡᠬᠡᠷ ᠢᠶᠠᠨ ᠠᠶᠢᠯ ᠬᠡᠷ ᠪᠤᠯᠵᠤ᠂ ᠲᠠᠪᠤᠨ ᠤᠮᠪᠤᠯᠤ ᠲᠠᠢ ᠰᠠᠶᠢᠬᠠᠨ ᠠᠮᠢᠳᠤᠷᠠᠵᠤ ᠪᠠᠶᠢᠨ᠎ᠠ᠃                      ᠰᠠᠷᠠᠨᠴᠢᠮᠡᠭ᠄ ︿︿ᠮᠠᠨ ᠤ ᠮᠣᠩᠭᠤᠯᠴᠣᠳ ᠶᠠᠷᠦ ᠨᠢ ᠡᠬᠡᠨᠡᠷ ᠬᠦᠮᠦᠨ ᠦᠢᠯᠡ ᠤᠳᠠᠰᠤᠨ ᠳᠠᠭᠠᠨ ᠰᠠᠶᠢᠨ ᠪᠠᠶᠢᠬᠤ ᠶᠢ ᠡᠷᠬᠢᠮᠯᠡᠳᠡᠭ ᠲᠣᠯᠠ ᠪᠢ ᠴᠦ ᠪᠠᠭ᠎ᠠ ᠠᠴᠠ ᠪᠠᠨ  ᠡᠵᠢ᠂ ᠨᠠᠭᠠᠴᠤ ᠡᠵᠢ ᠪᠤᠯᠤᠨ ᠬᠤᠳᠠ ᠣᠰᠣᠨ ᠤ ᠣᠷᠠᠨ ᠪᠥᠰᠡᠬᠦᠶᠢᠴᠤᠳ ᠤᠨ ᠣᠶᠣᠳᠠᠯ ᠬᠢᠳᠠᠯ ᠢ ᠰᠠᠶᠢᠳᠣᠷ ᠠᠵᠢᠬᠯᠠᠵᠣ ᠣᠳᠠᠰᠣ ᠡᠬᠡᠷᠡᠵᠣ ᠰᠢᠷᠢᠳᠡᠭ ᠰᠢᠷᠢᠬᠦ᠂ ᠲᠡᠬᠡᠰᠣ ᠲᠠᠮᠣᠬᠤ᠂ ᠣᠷᠠᠩᠬᠠᠢ ᠨᠠᠪᠳᠡᠷᠬᠠᠢ ᠪᠠᠨ ᠨᠦᠬᠦᠵᠣ ᠰᠡᠯᠪᠢᠬᠦ ᠵᠡᠷᠬᠡ ᠦᠢᠯᠠ ᠣᠶᠣᠳᠠᠯ ᠢ ᠪᠦᠷ ᠬᠢᠵᠣ ᠰᠣᠷᠣᠬᠰᠡᠨ ᠲᠣᠯᠠ ᠬᠠᠷᠢ ᠳᠤ ᠮᠣᠷᠳᠠᠵᠣ ᠬᠠᠳᠠᠮ ᠤᠨ ᠳᠤ ᠣᠴᠢᠬᠤ ᠳᠠᠭᠠᠨ ᠦᠪᠡᠷ ᠤᠨ ᠭᠠᠷ ᠢᠶᠠᠷ ᠢᠶᠠᠨ ᠣᠶᠣᠬᠰᠡᠨ ᠠᠩᠬᠠᠨ ᠤ ᠲᠡᠪᠡᠯ ᠢᠶᠠᠨ ᠡᠮᠦᠰᠴᠣ  ᠠᠶᠢᠯ ᠤᠨ ᠪᠡᠷᠢ ᠪᠣᠯᠣᠬᠰᠡᠨ ᠶᠣᠮ᠃ ᠲᠣᠬᠠᠢ ᠶᠢᠨ ᠦᠶ᠎ᠡ ᠳᠤ ᠪᠦᠬᠦ ᠨᠡᠶᠢᠬᠡᠮ ᠢᠶᠠᠷ ᠢᠶᠠᠨ ᠪᠠᠶᠠᠨ ᠶᠠᠳᠠᠭᠤ ᠶᠢᠨ ᠵᠦᠷᠢᠶ᠎ᠡ ᠦᠬᠡᠢ ᠪᠠᠶᠢᠬᠰᠡᠨ ᠲᠣᠯᠠ ᠪᠢᠳᠡ ᠬᠤᠶᠠᠷ ᠴᠦ ᠠᠳᠠᠯᠢᠬᠠᠨ᠂ ᠣᠷᠣᠬᠤ ᠠᠴᠠ ᠬᠡᠷ ᠲᠠᠢ᠂ ᠣᠭᠤᠴᠢᠬᠤ ᠠᠴᠠ ᠠᠶᠠᠭ᠎ᠠ ᠲᠠᠢ᠂ ᠲᠣᠭᠤᠭ᠎ᠠ ᠲᠣᠯᠭ᠎ᠠ ᠨᠡᠶᠢᠯᠡᠭᠦᠯᠦᠭᠰᠡᠨ ᠲᠦᠬᠦᠮᠬᠡᠨ ᠠᠮᠢᠳᠣᠷᠠᠯ ᠲᠠᠢ ᠪᠠᠶᠢᠬᠰᠡᠨ ᠴᠦ ᠰᠠᠨᠠᠭ᠎ᠠ ᠰᠡᠳᠬᠢᠯ ᠲᠠᠭᠠᠷᠠᠬᠰᠡᠨ ᠵᠠᠶᠠᠭᠠᠨ ᠤ ᠬᠤᠶᠠᠷ ᠪᠣᠯᠬᠤᠷ ᠵᠢᠷᠭᠠᠯᠲᠠᠢ ᠪᠠᠶᠢᠵᠣ᠂ ᠠᠮᠢᠳᠣᠷᠠᠯ ᠨᠢᠮᠬᠡᠨ ᠴᠦ ᠰᠡᠳᠬᠢᠯ ᠪᠠᠶᠠᠨ ᠶᠠᠪᠣᠬᠰᠡᠨ ᠶᠣᠮ᠃ ᠬᠤᠷᠢᠮᠯᠠᠬᠰᠡᠨ ᠤ ᠪᠠᠨ ᠲᠠᠷᠠᠭ᠎ᠠ ᠬᠡᠳᠣᠨ ᠵᠢᠯ ᠬᠠᠮᠳᠣ ᠶᠢᠨ ᠨᠢᠬᠡ ᠰᠦᠷᠦᠭ ᠬᠤᠨᠢ ᠶᠢ ᠲᠠᠭᠠᠭᠠᠴᠢᠯᠠᠨ ᠬᠠᠷᠢᠭᠤᠯᠪᠠ᠃ ᠳᠠᠯᠠᠭᠠᠳ ᠤᠨ ᠤ ︿︿ᠲᠡᠮᠤᠷ ᠵᠣᠳ﹀﹀ ᠎ ᠲᠤ ᠭᠤᠷᠪᠠᠨ ᠠᠶᠢᠯ ᠢᠶᠠᠷ ᠢᠶᠠᠨ ᠬᠠᠮᠳᠣᠷᠠᠵᠣ ᠣᠳᠣᠷ ᠶᠠᠪᠣᠭᠠᠳ ᠮᠠᠨ ᠤ ᠬᠤᠰᠢᠭᠤᠨ ᠤ ᠪᠠᠶᠠᠨᠵᠢᠷᠦᠬᠡ ᠬᠦᠩᠱᠧ ᠎ ᠶᠢᠨ ᠳᠤᠮᠳ᠋ᠬᠤᠰᠤ ᠳ᠋ᠦᠢ ᠶᠢᠨ ᠭᠤᠣᠯ ᠤᠨ ᠣᠰᠣ ᠬᠡᠳᠡᠭ ᠭᠠᠵᠠᠷ᠂ ᠮᠠᠯᠵᠢᠬᠤ ᠲᠠᠷᠢᠶᠠᠯᠠᠬᠤ ᠤᠷᠤᠨ ᠤ  ᠵᠠᠭᠠᠭ ᠲᠡᠬᠡᠷ᠎ᠡ ᠰᠠᠭᠤᠵᠣ ᠪᠠᠶᠢᠬᠰᠡᠨ ᠶᠣᠮ᠃ ᠬᠤᠨᠢᠨ ᠳᠠᠭᠠᠨ ᠡᠪᠡᠰᠣ ᠨᠦᠬᠦᠪᠦᠷᠢᠯᠡᠵᠣ ᠦᠭᠭᠦ ᠬᠡᠵᠣ ᠡᠳᠦᠷ ᠪᠦᠷᠢ ᠮᠡᠳᠡᠢ ᠡᠬᠦᠷᠴᠣ ᠲᠠᠷᠢᠶᠠᠯᠠᠬᠤ ᠪᠠᠷᠢᠭᠠᠳᠠ ᠶᠢᠨ ᠠᠶᠢᠯ ᠤᠳ ᠢᠶᠠᠷ ᠣᠴᠢᠵᠣ ᠡᠪᠡᠰᠣ ᠭᠤᠶᠣᠳᠠᠭ ᠪᠡ ᠵᠠᠷᠢᠮ ᠳᠠᠭᠠᠨ ᠲᠠᠷᠢᠶᠠᠴᠢᠳ ᠲᠤ ᠡᠪᠤᠯ ᠤᠨ ᠢᠳᠡᠰᠢᠨ ᠤ ᠪᠠᠨ ᠲᠤᠯᠤᠭᠠᠢ ᠰᠢᠬᠡᠷ᠎ᠡ᠂ ᠬᠡᠳᠡᠰᠤ ᠲᠤᠳᠤᠷ᠂ ᠵᠠᠶᠢᠳᠠᠰᠤ ᠪᠠᠨ ᠦᠭᠴᠣ ᠨᠢᠬᠡ ᠲᠡᠷᠬᠡ ᠡᠪᠰᠣ ᠠᠪᠳᠠᠭ ᠪᠠᠶᠢᠯ᠎ᠠ᠃ ᠡᠨᠡ ᠮᠡᠳᠣ ᠪᠠᠷ ᠲᠠᠷᠢᠶᠠᠴᠢᠳ ᠲᠠᠢ ᠨᠡᠯᠢᠶᠠᠳ ᠬᠤᠭᠤᠴᠠᠭ᠎ᠠ ᠶᠠᠪᠣᠯᠴᠠᠬᠰᠡᠨ ᠠᠴᠠ ᠬᠢᠳᠡᠳ ᠦᠬᠡ ᠬᠡᠯᠡ ᠶᠢ ᠴᠦ ᠨᠡᠯᠢᠶᠡᠳ ᠰᠣᠷᠴᠣ᠂ ᠦᠨᠳᠣᠰᠣᠨ ᠳᠡᠭᠡᠨ ᠲᠡᠳᠡᠨ ᠲᠠᠢ ᠰᠠᠭᠠᠳ ᠦᠬᠡᠢ ᠬᠠᠷᠢᠯᠴᠠᠵᠣ ᠴᠢᠳᠠᠬᠤ ᠪᠣᠯᠣᠬᠰᠡᠨ ᠶᠣᠮ᠃ ᠨᠠᠶᠠᠭᠠᠳ ᠤᠨ ᠳᠤ ᠮᠠᠯ ᠰᠦᠷᠦᠭ ᠢ ᠡᠷᠦᠬᠡ ᠳᠤ ᠲᠠᠭᠠᠭᠠᠴᠢᠯᠠᠭᠤᠯᠬᠤ ᠳᠤ ᠪᠣᠳᠠ ᠪᠣᠭ ᠨᠡᠶᠢᠳᠡ 96 ᠮᠠᠯ ᠬᠤᠪᠢᠳᠠᠵᠣ ᠠᠪᠣᠭᠠᠳ ᠪᠠᠭ᠎ᠠ ᠠᠴᠠ ᠪᠠᠨ ᠠᠪᠤ ᠡᠵᠢ ᠠᠴᠠ ᠰᠣᠷᠣᠬᠰᠡᠨ ᠠᠷᠭ᠎ᠠ ᠲᠣᠷᠰᠢᠯᠭ᠎ᠠ ᠪᠠᠷ ᠢᠶᠠᠨ ᠮᠠᠯ ᠰᠦᠷᠦᠭ ᠤᠨ ᠢᠶᠠᠨ ᠠᠷᠠᠴᠢᠯᠠᠭ᠎ᠠ ᠮᠠᠯᠵᠢᠯᠭ᠎ᠠ ᠶᠢ ᠰᠠᠶᠢᠵᠢᠷᠠᠭᠤᠯᠵᠣ᠂ ᠰᠢᠷᠭᠠᠭᠤ ᠠᠵᠢᠯᠯᠠᠵᠣ᠂ ᠰᠢᠨᠳᠠᠷᠠᠰᠢ ᠦᠬᠡᠢ ᠴᠢᠷᠮᠠᠶᠢᠭᠰᠠᠨ ᠠᠴᠠ ᠪᠣᠭ ᠮᠠᠯ 300 ᠭᠠᠷᠣᠢ᠂ ᠦᠬᠡᠷ 30 ᠭᠠᠷᠦᠢ ᠂ ᠠᠳᠣᠭᠤ ᠲᠡᠮᠡᠭᠡ ᠲᠣᠰ ᠪᠦᠷᠢ 10 ᠭᠠᠷᠦᠢ ᠪᠣᠯᠣᠨ ᠦᠰᠴᠣ ᠦᠷᠡᠵᠢᠬᠡᠳ ᠲᠠᠪᠣᠨ ᠬᠤᠰᠢᠭᠤ ᠮᠠᠯ ᠤᠨ ᠵᠠᠬ᠎ᠠ  ᠪᠦᠷᠢᠳᠴᠤ᠂ ᠲᠠᠩᠰᠤᠭ ᠰᠠᠶᠢᠬᠠᠨ ᠠᠮᠢᠳᠣᠷᠠᠯ ᠲᠠᠢ ᠪᠣᠯᠵᠡᠢ﹀﹀ ᠬᠡᠵᠤ ᠶᠠᠷᠢᠯ᠎ᠠ᠃
     【 ᠰᠠᠷᠡᠨᠴᠢᠮᠡᠭ ᠤᠮᠪᠤᠯᠤ ᠬᠦᠤ ᠲᠠᠢ ᠪᠠᠨ 】      ᠲᠡᠷᠡ ᠠᠵᠢᠯᠴᠢ ᠬᠤᠶᠠᠷ ᠭᠠᠷ᠂ ᠠᠷᠭ᠎ᠠ ᠣᠬᠠᠭᠠᠨ ᠳᠤ ᠪᠠᠨ ᠲᠦᠰᠢᠭᠯᠡᠨ᠂ ᠠᠵᠢᠯ ᠦᠢᠯᠠᠰ ᠠᠵᠤ ᠠᠮᠢᠳᠤᠷᠠᠯ ᠢᠶᠠᠨ ᠦᠬᠡᠳᠡᠯᠡᠬᠦᠯᠵᠤ ᠶᠠᠪᠤᠬᠰᠠᠨ ᠠᠴᠠ ᠨᠣᠳᠤᠭ ᠣᠰᠣᠨ ᠤ ᠪᠠᠨ ᠣᠯᠠᠨ ᠲᠦᠮᠡᠨ ᠤ ᠢᠳᠡᠬᠡᠯ ᠪᠢᠰᠢᠷᠠᠯ ᠎ ᠢ ᠣᠯᠵᠣ᠂ ᠵᠠᠯᠠᠭᠤ ᠽᠠᠨᠳᠠᠨ ᠨᠠᠰᠤᠨ ᠠᠴᠠ ᠪᠠᠨ ᠵᠡᠪᠰᠡᠭᠳᠦ ᠡᠷᠤᠬᠡ ᠶᠢᠨ ᠴᠡᠷᠢᠭ᠂ ᠲᠡᠮᠤᠷ ᠬᠡᠤᠬᠡᠨ᠂ 3.8᠎ ᠤᠨ ᠤᠯᠠᠭᠠᠨ ᠲᠤᠬᠴᠢ᠂ ᠰᠤᠮᠤᠨ ᠤ ᠠᠷᠠᠳ ᠤᠨ  ᠲᠦᠯᠤᠬᠡᠯᠡᠭᠴᠢ ᠵᠡᠷᠬᠡ ᠶᠢᠨ ᠢᠷᠠᠭᠤ ᠠᠯᠳᠠᠷ ᠢ  ᠬᠦᠷᠳᠡᠵᠦ ᠢᠷᠡᠵᠡᠢ᠃ ᠤᠳᠤ ᠲᠡᠷᠡ ᠨᠠᠮ ᠵᠠᠰᠠᠭ ᠤᠨ ᠬᠠᠯᠠᠮᠵᠢ᠂ ᠮᠤᠩᠭᠤᠯ ᠠᠪᠤ ᠡᠵᠢ ᠶᠢᠨ ᠡᠬᠡᠯ ᠦᠬᠡᠢ ᠬᠠᠶᠢᠷ᠎ᠠ ᠪᠠᠷ ᠲᠡᠨᠢᠭᠡᠷ ᠠᠭᠤᠳᠠᠮ ᠲᠠᠯ᠎ᠠ ᠨᠤᠲᠤᠭ ᠲᠤ ᠵᠢᠩᠬᠢᠨᠢ ᠮᠠᠯᠴᠢᠨ ᠬᠦᠮᠦᠨ ᠪᠤᠯᠤᠭᠰᠠᠨ ᠳᠤ ᠪᠠᠨ ᠰᠡᠳᠬᠢᠯ ᠲᠦᠬᠦᠷᠡᠩ ᠪᠠᠶᠠᠰᠴᠤ᠂ ᠰᠢᠨ᠎ᠡ ᠨᠡᠶᠢᠭᠡᠮ ᠳᠤ ᠭᠤᠷᠪᠠᠨ ᠦᠶ᠎ᠠ ᠪᠠᠷ ᠢᠶᠠᠨ ᠵᠣᠯ ᠵᠢᠷᠭᠠᠯᠲᠠᠢ ᠠᠵᠠ ᠬᠡᠶᠢᠮᠦᠷᠢ ᠲᠠᠢ ᠠᠮᠢᠳᠤᠷᠠᠯ ᠢ ᠡᠳ᠋ᠯᠡᠵᠦ ᠶᠠᠪᠤᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号