ᠰᠢᠨ᠎ᠠ ᠲᠢᠳᠢᠮᠯᠢᠭ ᠸᠢᠷᠦ᠋ᠰ ᠡᠪᠤᠯ ᠤᠨ ᠤᠯᠠᠷᠢᠯ ᠳᠤ ᠨᠡᠩ ᠢᠳᠡᠪᠬᠢᠯᠢᠭ ᠪᠤᠯᠤᠨ᠎ᠠ ᠦᠦ︖
ᠨᠡᠶᠢᠲᠡᠯᠡᠭᠰᠡᠨ ᠴᠠᠭ᠄
2020/11/5
     ᠰᠢᠨᠬᠤᠸᠠ ᠬᠤᠷᠢᠶᠠᠨ ᠤ ᠪᠡᠬᠡᠵᠢᠩ ᠤᠨ 10 ᠰᠠᠷ᠎ᠠ ᠶᠢᠨ 27᠎ ᠤ ᠴᠠᠬᠢᠯᠭᠠᠨ ᠮᠡᠳᠡᠭᠡ ᠠᠴᠠ ︵ᠰᠤᠷᠪᠤᠯᠵᠢᠯᠠᠬᠴᠢ ᠵᠠᠩ ᠵᠦᠩ ᠰᠢᠶᠠ︶ ᠤᠮᠠᠷᠠᠳᠤ ᠬᠠᠭᠠᠰ ᠪᠦᠮᠪᠦᠷᠴᠡᠭ ᠡᠪᠤᠯ ᠤᠨ ᠤᠯᠠᠷᠢᠯ ᠳᠤ ᠤᠷᠤᠵᠤ᠂ ᠠᠭᠠᠷ ᠎ ᠤᠨ ᠲᠤᠯᠠᠭᠠᠨ ᠲᠠᠰᠤᠷᠠᠯᠳᠠ ᠦᠬᠡᠢ ᠪᠠᠭᠤᠷᠠᠬᠤ ᠶᠢ ᠲᠠᠭᠠᠯᠳᠤᠨ᠂ ᠰᠤᠳᠤᠯᠤᠬᠴᠢᠳ ᠠᠴᠠ ᠰᠢᠨ᠎ᠠ ᠲᠢᠳᠢᠮᠯᠢᠭ ᠸᠢᠷᠦ᠋ᠰ ᠤᠨ ᠬᠠᠯᠳᠠᠪᠤᠷᠢᠯᠠᠯ ᠴᠢᠨᠠᠬᠰᠢᠳᠠ ᠰᠢᠷᠤᠬᠦᠰᠴᠤ ᠮᠡᠳᠡᠬᠦ ᠪᠤᠯᠤᠯᠴᠠᠭ᠎ᠠ ᠲᠠᠢ᠂ ᠡᠨᠡ ᠨᠢ ᠡᠪᠡᠳᠴᠢᠨ ᠤ ᠸᠢᠷᠦ᠋ᠰ ᠤᠨ ᠲᠤᠰ ᠪᠠᠶ᠎ᠠ ᠶᠢᠨ ᠤᠨᠴᠠᠯᠢᠬ᠂ ᠬᠦᠮᠤᠰ ᠤᠨ ᠨᠡᠶᠢᠬᠡᠮ ᠤᠨ ᠶᠠᠪᠤᠯᠴᠠᠭ᠎ᠠ ᠶᠢᠨ ᠤᠨᠴᠠᠯᠢᠬ ᠵᠡᠷᠬᠡ ᠤᠯᠠᠨ ᠡᠯᠧᠮᠧᠨ᠋ᠲ ᠲᠠᠢ ᠬᠤᠯᠪᠤᠬᠳᠠᠯ ᠲᠠᠢ ᠬᠡᠵᠤ ᠰᠠᠨᠠᠭᠤᠯᠪᠠ᠃      ᠮᠠᠰᠢ ᠤᠯᠠᠨ ᠠᠮᠢᠰᠬᠤᠯ ᠤᠨ ᠵᠠᠮ ᠤᠨ ᠡᠪᠡᠳᠴᠢᠨ ᠤ ᠸᠢᠷᠦ᠋ᠰ ᠡᠪᠤᠯ ᠲᠡᠯᠬᠡᠷᠡᠵᠤ ᠵᠤᠨ ᠠᠷᠢᠯᠬᠤ ᠪᠠᠶᠢᠳᠠᠯ ᠎ ᠲᠠᠢ ᠪᠠᠶᠢᠳᠠᠬ᠃ ᠠᠩᠭ᠍ᠯᠢ ᠶᠢᠨ ︽ᠪᠠᠶᠢᠭᠠᠯᠢ︾ ᠰᠡᠳᠬᠦᠯ ᠤᠨ ᠰᠦᠯᠵᠢᠶᠠᠨ ᠤ ᠦᠷᠳᠡᠭᠡ ᠤᠢᠢᠷ᠎ᠠ ᠶᠢᠨ ᠡᠳᠤᠷ ᠤᠨ ᠨᠢᠭᠡᠨ ᠵᠠᠳᠠᠯᠤᠯᠳᠠ‌‍ᠶᠢᠨ ᠦᠬᠦᠯᠡᠯ ᠳᠡᠭᠡᠨ ᠤᠯᠠᠨ ᠰᠤᠳᠤᠯᠭᠠᠨ ᠤ ᠬᠦᠮᠤᠰ ᠤᠨ ᠦᠵᠡᠯᠳᠠ ᠠᠴᠠ ᠡᠰᠢ ᠲᠠᠳᠠᠵᠤ  ᠬᠡᠯᠡᠬᠦ  ᠎ ᠳᠡᠭᠡᠨ᠂ ᠤᠳᠤᠬᠠᠨ ᠤ ᠡᠵᠡᠮᠰᠢᠭᠰᠡᠨ ᠮᠡᠳᠡᠭᠡ ᠵᠠᠩᠬᠢ ᠠᠴᠠ ᠦᠵᠡᠪᠡᠯ᠂ ᠰᠢᠨ᠎ᠠ ᠲᠢᠳᠢᠮᠯᠢᠭ ᠸᠢᠷᠦ᠋ᠰ ᠨᠢ ᠬᠠᠯᠳᠠᠪᠤᠷᠢᠳᠦ ᠳᠠᠬᠰᠢᠭᠤᠷ ᠤᠨ ᠡᠪᠡᠳᠴᠢᠨ ᠤ ᠸᠢᠷᠦ᠋ᠰ ᠰᠢᠭ ᠤᠯᠠᠷᠢᠯ ᠤᠨ ᠴᠢᠨᠠᠷᠳᠠᠢ ᠲᠡᠯᠬᠡᠷᠡᠬᠦ ᠸᠢᠷᠦ᠋ᠰ ᠪᠤᠯᠬᠤ ᠪᠠᠷ ᠮᠠᠭᠠᠳᠯᠠᠬᠤ ᠨᠢ ᠲᠡᠩᠳᠡᠬᠦᠤ ᠡᠷᠳᠡ ᠪᠠᠶᠢᠨ᠎ᠠ᠂ ᠬᠡᠪᠡᠴᠤ ᠡᠪᠤᠯ ᠤᠨ ᠤᠯᠠᠷᠢᠯ ᠳᠤ ᠠᠭᠠᠷ ᠤᠨ ᠲᠤᠯᠠᠭᠠᠨ ᠪᠠᠭᠤᠷᠠᠬᠤ ᠨᠢ ᠸᠢᠷᠦ᠋ᠰ ᠤᠨ ᠲᠡᠯᠬᠡᠷᠡᠬᠦ ᠳᠤ ᠨᠤᠴᠤᠭᠰᠠᠠ ᠭᠠᠯ ᠲᠡᠬᠡᠷ᠎ᠠ ᠲᠤᠰᠤ ᠨᠡᠮᠡᠭᠰᠡᠡ ᠰᠢᠭ ᠪᠠᠶᠢᠵᠤ᠂ ᠢᠷᠡᠬᠡᠳᠤᠢ ᠶᠢᠨ ᠬᠡᠳᠤᠨ ᠰᠠᠷ᠎ᠠ ᠳᠤ ᠤᠮᠠᠷᠠᠳᠤ ᠬᠠᠭᠠᠰ ᠪᠦᠮᠪᠦᠷᠴᠡᠭ ᠤᠨ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠵᠢᠯ ᠨᠡᠩ ᠬᠠᠳᠠᠭᠤ ᠪᠡᠷᠬᠡ ᠪᠤᠯᠤᠨ᠎ᠠ ᠬᠡᠵᠡᠢ᠃              ᠠᠮᠧᠷᠢᠺᠠ ᠶᠢᠨ ᠰᠲ᠋ᠠᠨᠹᠦᠷᠳ᠋ ᠶᠡᠭᠡ ᠰᠤᠷᠭᠠᠭᠤᠯᠢ ᠶᠢᠨ ᠪᠢᠴᠢᠯ ᠠᠮᠢᠳᠤ ᠪᠤᠳᠠᠰ ᠤᠨ ᠡᠷᠳᠡᠮᠳᠡᠨ ᠳ᠋ᠠᠶᠢᠸᠢᠰ · ᠯᠸᠢᠢᠷᠮᠠᠨ ᠤ ᠦᠵᠡᠬᠦ ᠪᠠᠷ᠂ ᠰᠢᠨ᠎ᠠ ᠲᠢᠳᠢᠮᠯᠢᠭ ᠸᠢᠷᠦ᠋ᠰ ᠨᠢ ᠢᠷᠡᠬᠦ ᠬᠡᠳᠤᠨ ᠰᠠᠷ᠎ᠠ ᠳᠤ ︽ᠢᠳᠡᠪᠬᠢᠯᠢᠭ ᠬᠤᠭᠤᠴᠠᠭᠠᠨ︾᠎ ᠳᠤ ᠤᠷᠤᠬᠤ ᠪᠤᠯᠤᠨ᠎ᠠ᠃ ᠤᠯᠠᠮ ᠠᠴᠠ ᠤᠯᠠᠨ ᠬᠡᠷᠡᠴᠢ ᠳᠤ ᠢᠯᠡᠷᠡᠬᠦᠯᠦᠭᠰᠡᠨ ᠢᠶᠠᠷ᠂ ᠡᠪᠤᠯ ᠤᠨ ᠤᠯᠠᠷᠢᠯ ᠤᠨ ᠠᠭᠠᠷ ᠤᠨ ᠲᠤᠯᠠᠭᠠᠨ ᠤ ᠪᠠᠭᠤᠷᠠᠯᠳᠠ ᠨᠢ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠤᠨ ᠪᠠᠶᠢᠳᠠᠯ ᠤᠨ ᠨᠡᠩ ᠶᠡᠭᠡ ᠬᠡᠪᠴᠢᠶ᠎ᠠ ᠪᠡᠷᠦᠷᠪᠢᠰᠤᠨ ᠲᠡᠯᠬᠡᠷᠡᠬᠦ ᠶᠢ ᠠᠬᠢᠭᠤᠯᠵᠤ ᠮᠡᠳᠡᠨ᠎ᠠ ᠬᠡᠵᠡᠢ᠃      ᠤᠳᠤᠬᠠᠨ ᠳᠤ ᠲᠤᠷᠰᠢᠯᠳᠠ ᠶᠢᠨ ᠲᠠᠰᠤᠬ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠰᠢᠨ᠎ᠠ ᠲᠢᠳᠢᠮᠯᠢᠭ ᠸᠢᠷᠦ᠋ᠰ ᠨᠢ ᠬᠠᠭᠤᠷᠠᠢ᠂ ᠬᠦᠢᠳᠡᠨ ᠤᠷᠴᠢᠨ ᠲᠤᠭᠤᠷᠢᠨ ᠳᠤ᠂ ᠢᠯᠠᠩᠭᠤᠶ᠎ᠠ ᠨᠠᠷᠠᠨ ᠤ ᠬᠡᠷᠡᠯ ᠰᠢᠭᠤᠳ ᠲᠤᠰᠬᠤ ᠦᠬᠡᠢ ᠤᠷᠴᠢᠨ ᠲᠤᠭᠤᠷᠢᠨ ᠳᠤ ᠠᠮᠠᠷᠬᠠᠨ ᠦᠷᠡᠵᠢᠨ ᠠᠮᠢᠳᠤᠷᠠᠨ᠎ᠠ᠃ ᠠᠮᠧᠷᠢᠺᠠ ᠶᠢᠨ ᠫᠠᠷᠢᠨᠰᠳᠦ᠋ᠨ ᠶᠡᠭᠡ ᠰᠤᠷᠭᠠᠭᠤᠯᠢ ᠶᠢᠨ ᠠᠮᠢᠳᠤ ᠪᠤᠳᠠᠰ ‍ᠤᠨ‌ᠡᠷᠳᠡᠮᠳᠡᠨ ᠳ᠋ᠢᠯᠦ᠋ᠨ · ᠮᠧᠯᠢᠰ᠂ ᠤᠮᠠᠷᠠᠳᠤ ᠬᠠᠭᠠᠰ ᠪᠦᠮᠪᠦᠷᠴᠡᠭ ᠤᠨ ᠡᠪᠤᠯ ᠎ ᠤᠨ ᠤᠯᠠᠷᠢᠯ ᠳᠤ᠂ ᠬᠡᠷ ᠢᠶᠠᠨ ᠲᠤᠯᠠᠭᠠᠯᠠᠬᠤ ᠵᠡᠷᠬᠡ ᠠᠴᠠ ᠪᠤᠯᠵᠤ ᠬᠡᠷ ᠳᠤᠳᠤᠷᠠᠬᠢ ᠲᠤᠯᠠᠭᠠᠨ ᠤ ᠬᠡᠮᠵᠢᠶ᠎ᠠ 20 ᠭᠷᠡᠳᠦ᠋ᠰ ᠤᠨ ᠤᠷᠴᠢᠮ ᠪᠠᠶᠢᠵᠤ᠂ ᠭᠡᠷ ᠳᠤᠳᠤᠷᠠᠬᠢ ᠠᠭᠤᠷ ᠠᠮᠢᠰᠬᠤᠯ ᠬᠠᠭᠤᠷᠠᠢ᠂ ᠵᠢᠪᠠᠷ ᠨᠡᠪᠳᠡᠷᠡᠬᠦ ᠨᠦᠬᠦᠴᠠᠯ ᠮᠠᠭᠤ ᠪᠤᠯᠵᠤ᠂ ︽ᠡᠪᠤᠯ ᠤᠯᠠᠷᠢᠯ ᠤᠨ ᠬᠡᠷ ᠳᠤᠳᠤᠷᠠᠬᠢ ᠨᠦᠬᠦᠴᠠᠯ ᠨᠢ ᠸᠢᠷᠦ᠋ᠰ ᠤᠨ ᠲᠤᠭᠳᠠᠪᠤᠷᠢᠳᠤ ᠴᠢᠨᠠᠷ ᠲᠤ ᠲᠦᠢᠯ ᠤᠨ ᠠᠰᠢᠬᠳᠠᠢ ᠪᠤᠯᠳᠠᠬ︾ ᠬᠡᠵᠤ ᠵᠠᠳᠠᠯᠤᠨ ᠬᠡᠯᠡᠪᠡ᠃      ᠬᠡᠳᠦ᠋ᠢᠪᠡᠷ ᠤᠯᠠᠷᠢᠯ ᠤᠨ ᠬᠤᠪᠢᠷᠠᠯᠳᠠ ᠶᠢᠨ ᠡᠯᠧᠮᠧᠨ᠋ᠲ ᠨᠢ ᠰᠢᠨ᠎ᠠ ᠲᠢᠳᠢᠮᠯᠢᠭ ᠸᠢᠷᠦ᠋ᠰ ᠤᠨ ᠬᠠᠯᠳᠠᠪᠤᠷᠢᠯᠠᠯ ᠢ ᠠᠬᠢᠭᠤᠯᠬᠤ ᠪᠤᠯᠪᠠᠴᠤ᠂ ᠢᠷᠡᠬᠡᠳᠤᠢ ᠶᠢᠨ ᠨᠢᠬᠡ ᠬᠤᠭᠤᠴᠠᠭᠠᠨ ᠳᠤ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠤᠨ ᠪᠠᠶᠢᠳᠠᠯ ᠤᠨ ᠲᠡᠯᠬᠡᠷᠡᠬᠦ ᠶᠢᠨ ᠭᠤᠤᠯ ︽ᠠᠬᠢᠭᠤᠯᠤᠬᠴᠢ︾᠎ ᠨᠢ ᠮᠦᠨ ᠯᠠ ᠬᠢᠯᠪᠠᠷᠬᠠᠨ ᠬᠠᠯᠳᠠᠪᠤᠷᠢᠯᠠᠬᠤ ᠬᠦᠮᠤᠰ ᠪᠤᠯᠤᠨ᠎ᠠ ᠬᠡᠵᠤ ᠲᠤᠰᠬᠠᠢ ᠮᠡᠷᠬᠡᠵᠢᠯᠳᠠᠳ ᠵᠢᠭᠠᠵᠤ ᠭᠠᠷᠭᠠᠪᠠ᠃ ᠫᠡᠷᠢᠨᠰᠳᠦ᠋ᠨ ᠶᠡᠭᠡ ᠰᠤᠷᠭᠠᠭᠤᠯᠢ ᠶᠢᠨ ᠲᠠᠬᠤᠯ ᠡᠪᠡᠳᠴᠢᠨ ᠤ ᠡᠷᠳᠡᠮᠳᠡᠨ ᠯᠸᠢᠢᠴᠢᠶ᠋ᠮᠧᠷ · ᠪᠸᠢᠢᠺᠧ᠂ ᠤᠳᠤᠬᠠᠨ ᠳᠤ ᠦᠯᠡᠮᠵᠢ ᠤᠯᠠᠨ ᠬᠦᠮᠤᠰ ᠲᠤ ᠰᠢᠨ᠎ᠠ  ᠲᠢᠳᠢᠮᠯᠢᠭ ᠸᠢᠷᠦ᠋ᠰ ᠠᠮᠠᠷᠬᠠᠨ ᠬᠠᠯᠳᠠᠪᠤᠷᠢᠯᠠᠵᠤ ᠪᠠᠶᠢᠨ᠎ᠠ᠃ ᠡᠨᠡ ᠨᠢ ᠤᠳᠠᠯ ᠦᠬᠡᠢ ᠵᠤᠨ ᠤ ᠤᠯᠠᠷᠢᠯ ᠳᠤ ᠤᠷᠤᠬᠤ ᠡᠮᠤᠨᠡᠳᠤ ᠬᠠᠭᠠᠰ ᠪᠦᠮᠪᠦᠷᠴᠡᠭ ᠤᠨ ᠤᠯᠤᠰ ᠲᠤ ᠠᠪᠴᠤ ᠬᠡᠯᠡᠭᠰᠡᠨ ᠴᠤ ᠬᠦᠮᠤᠰ ᠰᠡᠷᠡᠮᠵᠢ ᠪᠠᠨ ᠦᠯᠤ ᠰᠤᠯᠠᠷᠠᠭᠤᠯᠵᠤ ᠪᠤᠯᠬᠤ ᠶᠢ ᠬᠠᠷᠠᠭᠤᠯᠵᠤ ᠪᠠᠶᠢᠨ᠎ᠠ ᠬᠡᠵᠤ ᠬᠡᠯᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号