︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠬᠡᠭᠵᠢᠭᠦᠯᠬᠦ︾ APP᠎ ᠶᠢᠨ1601 ᠰᠡᠳᠤᠪ ᠢ ᠨᠢᠭᠡᠯᠡ ᠤᠳᠠᠭ᠎ᠠ ᠳᠤ ᠪᠥᠬᠦᠨ ᠢ ᠵᠥᠪ ᠬᠠᠷᠢᠭᠤᠯᠳᠠᠭ ᠵᠠᠩ ᠬᠠᠢ ᠴᠢᠤᠸᠠᠨ
ᠨᠡᠶᠢᠲᠡᠯᠡᠭᠰᠡᠨ ᠴᠠᠭ᠄
2020/10/29
                         ᠡᠬᠡ ᠪᠢᠴᠢᠭ᠄ ᠰᠡᠷᠭᠦᠯᠡᠩ     ᠵᠢᠷᠤᠭ᠄ ᠪᠤᠯᠤᠷᠮ᠎ᠠ      ᠬᠤᠰᠢᠭᠤ ᠴᠠᠬᠢᠯᠭᠠᠨ ᠬᠠᠩᠭᠠᠬᠤ ᠬᠤᠪᠢᠶᠠᠷᠢ ᠲᠤᠪᠴᠢᠶᠠᠨ ᠤ ᠥᠷᠭᠡᠨᠳᠠᠯ᠎ᠠ ᠪᠠᠯᠭᠠᠰᠤᠨ ᠤ ᠴᠠᠬᠢᠯᠭᠠᠨ ᠬᠠᠩᠭᠠᠬᠤ ᠦᠷᠳᠡᠭᠡᠨ ᠤ ᠳᠡᠳ᠋ ᠲᠠᠷᠤᠭ᠎ᠠ ᠵᠠᠩ ᠬᠠᠢ ᠴᠢᠤᠸᠠᠨ ᠦᠷᠳᠡᠭᠡᠨ ᠤ ᠠᠯᠪᠠᠨ ᠠᠵᠢᠯ ᠢ ᠰᠢᠢᠳᠪᠤᠷᠢᠯᠡᠬᠦ ᠪᠠᠷ ᠪᠠᠷᠠᠬᠤ ᠦᠭᠡᠢ ᠪᠠᠰᠠ ᠡᠮᠤᠨ᠎ᠡ ᠹᠠᠷᠤᠨᠲ ᠲᠤ ᠬᠦᠷᠴᠦ ᠰᠠᠯᠪᠢᠨ ᠵᠠᠰᠠᠬᠤ ᠵᠡᠷᠭᠡ ᠠᠵᠢᠯ ᠢ ᠬᠠᠷᠢᠭᠤᠴᠠᠳᠠᠭ᠃ ᠲᠠᠷᠡ ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠬᠡᠭᠵᠢᠭᠦᠯᠬᠦ︾ APP᠎ ᠶᠢᠨ 1601 ᠰᠡᠳᠤᠪ ᠢ 100 ᠮᠢᠨᠦ᠋ᠲ ᠎ ᠤᠨ ᠳᠤᠳᠤᠷ᠎ᠠ ᠪᠥᠬᠦᠨ ᠢ ᠵᠥᠪ ᠬᠠᠷᠢᠭᠤᠯᠵᠦ᠂ ᠰᠡᠳᠤᠪ ᠪᠥᠷᠢ ᠶᠢ ᠲᠤᠮᠳᠠᠴᠢ ᠪᠠᠷ 3 ᠰᠧᠺᠦ᠋ᠨ᠋ᠲ ᠬᠡᠷᠡᠭᠯᠡᠭᠰᠡᠨ ᠪᠠᠶᠢᠬᠤ ᠨᠢ ᠤᠯᠠᠨ ᠳᠤ ᠱᠠᠭᠰᠢᠭᠳᠠᠨ᠎ᠠ᠃
     ᠰᠤᠷᠤᠯᠴᠠᠬᠤ ᠪᠤᠯ ᠨᠢᠭᠡ ᠵᠦᠢᠯ ᠤᠨ ᠳᠡᠳᠬᠠᠯ᠂ ᠲᠤᠰᠤᠯ ᠬᠤᠷᠠᠪᠠᠯ ᠲᠠᠯᠠᠢ ᠪᠤᠯᠤᠨ᠎ᠠ ᠭᠡᠳᠡᠭᠴᠢᠯᠡᠨ ᠵᠠᠩ ᠬᠠᠢ ᠴᠢᠤᠸᠠᠨ ᠡᠳᠤᠷ ᠪᠥᠷᠢ ᠰᠤᠯᠠ ᠴᠠᠭ ᠭᠠᠷᠪᠠᠯ ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠬᠡᠭᠵᠢᠭᠦᠯᠬᠦ︾ APP᠎ ᠶᠢ ᠨᠡᠭᠡᠭᠡᠵᠦ ᠰᠤᠷᠤᠯᠴᠠᠵᠦ ᠪᠠᠶᠢᠳᠠᠭ᠃ ᠵᠠᠩ ᠬᠠᠢ ᠴᠢᠤᠸᠠᠨ ᠰᠤᠷᠪᠤᠯᠵᠢᠯᠠᠭᠴᠢ ᠳᠤ᠄ ᠰᠡᠳᠤᠪ ᠬᠠᠷᠢᠭᠤᠯᠬᠤ ᠨᠢ ᠶᠠᠭ ᠯᠡ ᠡᠯᠧᠺᠲᠷᠤᠨ ᠲᠤᠭᠯᠠᠭᠠᠮ ᠤᠨ ᠲᠠᠰ ᠲᠡᠪᠰᠢᠵᠦ ᠪᠠᠶᠢᠭ᠎ᠠ ᠮᠡᠳᠤ ᠦᠷᠢᠰᠦᠯᠳᠤᠭᠡᠨ ᠲᠠᠢ ᠰᠠᠨᠠᠭᠳᠠᠳᠠᠭ᠃ ᠠᠷᠪᠢᠨ ᠰᠡᠳᠤᠪ ᠬᠢᠭᠡᠳ ᠢᠷᠡᠭᠦᠯᠡᠷ ᠠᠮᠠᠷᠬᠠᠨ ᠬᠤᠳᠬᠤᠯᠳᠤᠨ᠎ᠠ᠂ ᠬᠠᠷᠢᠨ ᠪᠤᠷᠤᠭᠤᠳᠠᠳᠠᠭ ᠰᠡᠳᠤᠪ ᠎ ᠲᠡᠭᠡᠨ ᠴᠠᠭᠠᠷᠠᠵᠦ ᠲᠤᠷᠰᠢᠯᠭ᠎ᠠ ᠬᠤᠷᠠᠮᠳᠤᠭᠤᠯᠪᠠᠯ ᠤᠷᠤᠭᠰᠢᠲᠠᠢ ᠪᠠᠷ ᠪᠤᠭᠤᠮᠳᠠ ᠦᠩᠭᠡᠷᠡᠬᠦ ᠪᠤᠯᠤᠨ᠎ᠠ᠃︾ ᠭᠡᠵᠦ ᠶᠠᠷᠢᠯ᠎ᠠ᠃ ᠵᠠᠩ ᠬᠠᠢ ᠴᠢᠤᠸᠠᠨ ᠲᠠᠮᠳᠡᠭᠯᠡᠯ ᠬᠢᠵᠦ᠂ ᠰᠡᠳᠤᠪ ᠢ ᠨᠠᠷᠢᠨ ᠵᠠᠳᠠᠯᠵᠦ᠂ ᠴᠡᠭᠡᠵᠢᠯᠡᠨ ᠳᠡᠪᠳᠡᠨ᠎ᠠ᠃ ᠴᠥᠭᠦᠷᠡᠰᠢ ᠦᠭᠡᠢ ᠰᠡᠳᠤᠪ ᠬᠢᠬᠦ ᠪᠠᠷ ᠳᠠᠮᠵᠢᠨ ᠬᠠᠮᠤᠭ ᠠᠩᠬᠠᠨ ᠤ 35 ᠰᠡᠳᠤᠪ ᠠᠴᠠ 550 ᠰᠡᠳᠤᠪ᠂ 677 ᠰᠡᠳᠤᠪ ᠠᠴᠠ 1020 ᠰᠡᠳᠤᠪ᠂ ᠲᠠᠬᠢᠨ ᠡᠨᠡ ᠤᠳᠠᠭᠠᠨ ᠤ 1601 ᠰᠡᠳᠤᠪ ᠬᠦᠷᠳᠡᠯ᠎ᠡ ᠴᠥᠮ ᠨᠢᠭᠡᠯᠡ ᠤᠳᠠᠭ᠎ᠠ ᠎ ᠳᠤ ᠪᠥᠬᠦᠨ ᠢ ᠵᠥᠪ ᠬᠠᠷᠢᠭᠤᠯᠤᠭᠰᠠᠨ ᠰᠢᠯᠢᠳᠡᠭ ᠪᠥᠳᠦᠮᠵᠢ ᠶᠢ ᠡᠭᠦᠳᠵᠡᠢ᠃ ᠰᠤᠷᠤᠯᠴᠠᠬᠤ᠂ ᠰᠡᠳᠤᠪ ᠬᠠᠷᠢᠭᠤᠯᠬᠤ ᠶᠠᠪᠤᠴᠠ ᠪᠤᠯ ᠬᠢᠯᠪᠠᠷ ᠪᠤᠰᠤ ᠶᠤᠮ᠂ ᠭᠡᠪᠡᠴᠦ ᠡᠨᠡ ᠨᠢ ᠲᠠᠭᠦᠨ ᠳᠤ ᠪᠠᠶᠠᠷ ᠪᠠᠭ᠋ᠠᠳᠤᠯ᠂ ᠤᠮᠤᠭᠰᠢᠯ᠂ ᠤᠳᠬ᠎ᠠ ᠠᠭᠤᠯᠭ᠎ᠠ ᠤᠯᠭᠤᠵᠦ ᠪᠠᠶᠢᠳᠠᠭ᠃
      ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠬᠡᠭᠵᠢᠭᠦᠯᠬᠦ︾ APP᠎ ᠪᠠᠷ ᠰᠤᠷᠤᠯᠴᠠᠬᠤ ᠨᠢ ᠵᠠᠩ ᠬᠠᠢ ᠴᠢᠤᠸᠠᠨ ᠤ ᠦᠵᠡᠯ ᠰᠠᠨᠠᠭ᠎ᠠ ᠤᠯᠤᠰ ᠲᠥᠷᠦ ᠶᠢᠨ ᠬᠢᠷᠢ ᠲᠥᠪᠰᠢᠨ ᠪᠠ ᠲᠤᠬᠠᠶᠢᠯᠠᠭᠰᠠᠨ ᠠᠵᠢᠯ ᠤᠨ ᠴᠢᠳᠠᠪᠤᠷᠢ ᠎ ᠪᠠᠨ ᠳᠡᠭᠡᠭᠰᠢᠯᠡᠬᠦᠯᠬᠦ ᠳᠤ ᠨᠢ ᠢᠳᠡᠪᠬᠢᠲᠠᠢ ᠨᠥᠯᠤᠭᠡ ᠦᠵᠡᠭᠦᠯᠤᠭ᠍ᠰᠡᠨ ᠪᠠᠷ ᠪᠠᠷᠠᠬᠤ ᠦᠬᠡᠢ ᠬᠠᠮᠳᠤ ᠠᠵᠢᠯᠯᠠᠭᠰᠠᠳ ᠎ ᠨᠢ ᠴᠤ ᠲᠡᠭᠦᠨ ᠠᠴᠠ ᠲᠠᠭᠠᠨ ᠰᠤᠷᠤᠯᠴᠠᠵᠦ᠂ ᠪᠠᠶᠢᠭᠤᠯᠭ᠎ᠠ ᠳᠤ ᠨᠢ ︽ᠰᠤᠷᠤᠯᠴᠠᠯᠭ᠎ᠠ ᠪᠠ ᠰᠡᠳᠤᠪ ᠬᠠᠷᠢᠭᠤᠯᠬᠤ︾ ᠬᠠᠯᠠᠭᠤᠨ ᠥᠷᠨᠢᠯᠳᠠ ᠡᠬᠦᠰᠴᠦ᠂ ᠭᠦᠨ ᠵᠤᠵᠠᠭᠠᠨ ᠰᠤᠷᠤᠯᠴᠠᠬᠤ ᠠᠭᠤᠷ ᠠᠮᠢᠰᠬᠤᠯ ᠢ ᠪᠤᠢ ᠪᠤᠯᠭᠠᠭᠰᠠᠨ ᠪᠠᠶᠢᠨ᠎ᠠ᠃
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号