ᠰᠥᠨᠢᠳ ᠪᠠᠷᠠᠭᠤᠨ ᠬᠤᠰᠢᠭᠤᠨ ᠤ ᠤᠯᠠᠭᠠᠨᠮᠥ᠋ᠴᠢᠷ ᠪᠦᠬᠦ ᠤᠯᠤᠰ ᠤᠨ ︽ᠬᠠᠮᠤᠭ ᠤᠨ ᠭᠤᠶᠣ ᠡᠷᠡᠯᠬᠡᠭᠯᠡᠨ ᠲᠡᠮᠡᠴᠡᠭᠴᠢ︾ ᠶᠢᠨ ᠴᠣᠯᠠ ᠶᠢ ᠬᠦᠷᠲᠡᠪᠡ
ᠨᠡᠶᠢᠲᠡᠯᠡᠭᠰᠡᠨ ᠴᠠᠭ᠄
2019/9/29
      9 ᠰᠠᠷ᠎ᠠ ᠶᠢᠨ 25  ᠤ ᠡᠳᠦᠷ᠂ ᠪᠦᠬᠦ ᠤᠯᠤᠰ ᠤᠨ ︽ᠬᠠᠮᠤᠭ ᠤᠨ ᠭᠤᠶᠣ ᠡᠷᠡᠯᠬᠡᠭᠯᠡᠨ ᠲᠡᠮᠡᠴᠡᠭᠴᠢ︾  ᠶᠢ ᠰᠢᠯᠭᠠᠷᠠᠭᠤᠯᠤᠨ ᠭᠥᠬᠢᠭᠦᠯᠬᠦ ᠶᠡᠭᠡ ᠬᠤᠷᠠᠯ ᠪᠡᠭᠡᠵᠢᠩ ᠳᠤ ᠶᠠᠪᠤᠭᠳᠠᠪᠠ᠃ ᠬᠤᠷᠠᠯ ᠳᠤ᠂ ᠵᠠᠩ ᠹᠦ᠋ ᠴᠢᠩ ᠵᠡᠷᠭᠡ 278 ᠬᠤᠪᠢ ᠬᠥᠮᠦᠨ᠂ ᠰᠢ ᠠᠨ ᠤ ᠵᠠᠮ ᠬᠠᠷᠢᠴᠠᠭᠠᠨ ᠤ ᠶᠡᠭᠡ ᠰᠣᠷᠭᠠᠭᠤᠯᠢ ᠶᠢᠨ ︽ᠪᠠᠷᠠᠭᠤᠨᠰᠢ ᠨᠡᠭᠦᠭᠰᠡᠳ︾  ᠤᠨ ᠤᠯᠤᠰ ᠢᠶᠠᠨ ᠬᠠᠶᠢᠷᠠᠯᠠᠵᠤ ᠡᠷᠡᠯᠬᠡᠭᠯᠡᠨ ᠲᠡᠮᠡᠴᠡᠭᠰᠡᠨ ᠲᠡᠷᠢᠭᠦᠨ ᠤ ᠬᠠᠮᠲᠦ ᠨᠡᠶᠢᠲᠠ ᠵᠡᠷᠭᠡ 22  ᠬᠠᠮᠲᠤ ᠨᠢᠭᠡᠴᠢ ᠳᠤ ︽ᠬᠠᠮᠤᠭ ᠤᠨ ᠭᠤᠶᠣ ᠡᠷᠡᠯᠬᠡᠭᠯᠡᠨ ᠲᠡᠮᠡᠴᠡᠭᠴᠢ︾ ᠶᠢᠨ ᠴᠤᠯᠠ ᠶᠢ  ᠣᠯᠭᠤᠪᠠ᠃ ᠡᠭᠦᠨ ᠳᠤ ᠮᠠᠨ ᠤ ᠠᠶᠢᠮᠠᠭ ᠠᠴᠠ ᠲᠤᠰ ᠴᠣᠯᠠ ᠶᠢ ᠬᠦᠷᠲᠡᠭᠰᠡᠨ ᠬᠤᠪᠢ ᠬᠥᠮᠦᠨ ᠪᠠ ᠬᠠᠮᠲᠤ ᠨᠢᠭᠡᠴᠢ ᠲᠤᠰᠪᠥᠷᠢ ᠨᠢᠭᠡ ᠪᠠᠶᠢᠵᠤ᠂ ᠰᠥᠨᠢᠳ ᠪᠠᠷᠠᠭᠤᠨ‌ᠬᠤᠰᠢᠭᠤᠨ ᠤ ᠤᠯᠠᠭᠠᠨᠮᠥ᠋ᠴᠢᠷ ᠬᠠᠮᠲᠤ ᠨᠢᠭᠡᠴᠢ ᠶᠢᠨ ︽ᠬᠠᠮᠤᠭ ᠤᠨ ᠭᠤᠶᠣ ᠡᠷᠡᠯᠬᠡᠭᠯᠡᠨ ᠲᠡᠮᠡᠴᠡᠭᠴᠢ︾ ᠶᠢᠨ ᠴᠣᠯᠠ ᠶᠢ ᠬᠦᠷᠲᠡᠵᠠᠢ᠃
                                  ᠰᠥᠨᠢᠳ ᠪᠠᠷᠠᠭᠤᠨ ᠬᠤᠰᠢᠭᠤᠨ ᠤ ᠤᠯᠠᠭᠠᠨᠮᠥ᠋ᠴᠢᠷ    ᠤᠯᠠᠭᠠᠨᠮᠥ᠋ᠴᠢᠷ ᠪᠣᠯ ᠥᠪᠥᠷ ᠮᠣᠩᠭᠤᠯ ᠤᠨ ᠣᠯᠠᠨ ᠨᠡᠶᠢᠲᠡ ᠶᠢᠨ ᠰᠣᠶᠤᠯ ᠤᠨ ᠦᠢᠯᠡᠴᠢᠯᠡᠭᠡᠨ ᠤ ᠭᠤᠣᠯ ᠬᠦᠴᠦᠨ ᠴᠡᠷᠢᠭ᠂ ᠣᠶᠤᠨ ᠤ ᠪᠣᠯᠪᠠᠰᠤᠨ ᠤ ᠪᠠᠶᠢᠭᠤᠯᠤᠯᠲᠠ ᠪᠠ ᠦᠨᠳᠦᠰᠦᠲᠡᠨ ᠤ ᠰᠣᠶᠤᠯ ᠤᠨ ᠬᠦᠴᠦᠷᠬᠡᠭ ᠣᠷᠣᠨ ᠤ ᠪᠠᠶᠢᠭᠤᠯᠤᠯᠲᠠ ᠶᠢᠨ ᠬᠤᠰᠢᠭᠤᠴᠢ ᠴᠡᠷᠢᠭ ᠪᠣᠯᠬᠤ ᠮᠥᠷᠲᠡᠭᠡᠨ ᠤᠳᠬ᠎ᠠ ᠤᠷᠠᠯᠢᠭ ᠤᠨ ᠠᠵᠢᠯ ᠤᠨ ᠭᠡᠷᠡᠯ ᠰᠠᠴᠤᠷᠠᠭᠰᠠᠨ ᠨᠡᠷ᠎ᠡ ᠶᠢᠨ ᠬᠠᠭᠤᠳᠠᠰᠤ ᠪᠣᠯᠤᠨ᠎ᠠ᠃ 1957 ᠣᠨ ᠤ 6 ᠰᠠᠷ᠎ᠠ ᠶᠢᠨ17 ᠤ ᠡᠳᠦᠷ᠂ ᠥᠪᠥᠷ ᠮᠣᠩᠭᠤᠯ ᠳᠤ ᠯᠡ ᠪᠠᠶᠢᠳᠠᠭ᠂ ᠮᠠᠯᠵᠢᠬᠤ ᠣᠷᠣᠨ ᠳᠤ ᠳᠣᠬᠢᠷᠠᠭᠰᠠᠨ ᠣᠨᠴᠠᠭᠠᠢ ᠤᠳᠬ᠎ᠠ ᠤᠷᠠᠯᠢᠭ ᠤᠨ ᠪᠥᠯᠬᠦᠮ ᠪᠣᠯᠬᠤ ᠪᠥᠬᠦ ᠤᠯᠤᠰ ᠤᠨ ᠤᠤᠭᠠᠨ ᠤᠯᠠᠭᠠᠨᠮᠥ᠋ᠴᠢᠷ ᠰᠢᠯᠢ ᠶᠢᠨ ᠭᠤᠣᠯ ᠠᠶᠢᠮᠠᠭ ᠤᠨ ᠰᠥᠨᠢᠳ ᠪᠠᠷᠠᠭᠤᠨ ᠬᠤᠰᠢᠭᠤᠨ ᠳᠤ ᠮᠡᠨᠳᠦᠯᠡᠪᠡ᠃    ᠰᠥᠨᠢᠳ ᠪᠠᠷᠠᠭᠤᠨ ᠬᠤᠰᠢᠭᠤᠨ ᠤ ᠤᠯᠠᠭᠠᠨᠮᠥ᠋ᠴᠢᠷ ᠨᠢ ᠠᠩᠬ᠎ᠠ ᠪᠠᠶᠢᠭᠤᠯᠤᠭᠳᠠᠬᠤ ᠳᠤ ᠪᠠᠨ ᠶᠢᠰᠦᠬᠡᠨ ᠭᠡᠰᠢᠭᠦᠨ ᠲᠠᠢ ᠪᠠᠶᠢᠵᠦ᠂ ᠣᠳᠣ ᠪᠣᠯᠬᠤ ᠳᠤ ᠨᠡᠶᠢᠲᠡ45 ᠭᠡᠰᠢᠭᠦᠨ ᠲᠠᠢ ᠪᠣᠯᠵᠤ ᠬᠥᠭᠵᠢᠨ ᠪᠤᠵᠠᠭᠠᠶᠢᠷᠠᠵᠤ᠂ ᠵᠢᠯ ᠪᠦᠷᠢ ᠦᠨᠳᠦᠰᠦᠨ ᠱᠠᠲᠤᠨ ᠳᠤ ᠭᠦᠨᠵᠡᠭᠡᠶᠢᠷᠡᠨ᠂ ᠨᠠᠮ ᠤᠨ ᠦᠵᠡᠯ ᠰᠠᠨᠠᠭ᠎ᠠ ᠶᠢ ᠤᠬᠠᠭᠤᠯᠤᠨ ᠲᠤᠤᠱᠠᠯᠠᠭᠤᠯᠬᠤ ᠬᠡᠯᠪᠡᠷᠢ ᠪᠠᠷ 100 ᠭᠠᠷᠤᠢ  ᠲᠠᠯᠠᠪᠠᠢ ᠲᠣᠭᠯᠠᠯᠲᠠ ᠭᠠᠷᠭᠠᠵᠤ ᠪᠣᠢ᠃    2017 ᠣᠨ ᠤ 11 ᠰᠠᠷ᠎ᠠ ᠶᠢᠨ 21 ᠤ ᠡᠳᠦᠷ᠂ ᠰᠥᠨᠢᠳ ᠪᠠᠷᠠᠭᠤᠨ ᠬᠤᠰᠢᠭᠤᠨ ᠤ ᠤᠯᠠᠭᠠᠨᠮᠥ᠋ᠴᠢᠷ ᠶᠡᠷᠦᠩᠬᠡᠢ ᠱᠦᠵᠢ ᠰᠢ ᠶᠢᠨ ᠫᠢᠩ ᠤᠨ ᠢᠯᠡᠭᠡᠭᠰᠡᠨ ᠬᠠᠷᠢᠭᠤ ᠵᠠᠬᠢᠳᠠᠯ ᠢ ᠭᠠᠷᠳᠠᠨ ᠠᠪᠴᠤ᠂ ᠲᠡᠳᠡᠨ ᠤ ᠤᠯᠠᠭᠠᠨᠮᠥ᠋ᠴᠢᠷ ᠤᠨ ᠵᠣᠷᠢᠭ ᠰᠠᠨᠠᠭ᠎ᠠ ᠶᠢ ᠦᠷᠭᠦᠯᠵᠢᠯᠡᠨ ᠪᠠᠳᠠᠷᠠᠭᠤᠯᠵᠤ᠂ ᠠᠷᠠᠳ ᠲᠦᠮᠡᠨ ᠳᠡᠭᠡᠨ ᠨᠡᠩ ᠰᠠᠶᠢᠨ ᠦᠢᠯᠡᠴᠢᠯᠡᠬᠦ ᠡᠷᠴᠢ ᠵᠣᠷᠢᠭ ᠨᠢ ᠤᠯᠠᠮ ᠢᠶᠠᠷ ᠬᠥᠪᠴᠢᠯᠡᠭᠳᠡᠭᠰᠡᠨ ᠪᠠᠶᠢᠨ᠎ᠠ᠃    
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠮᠣᠩᠭᠤᠯ ᠰᠣᠨᠢᠨ ᠤ ᠵᠢᠷᠭᠢᠶ᠎ᠡ ᠳᠡᠪᠴᠡᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号