ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠰᠢᠯᠢ ᠶᠢᠨ ᠭᠤᠤᠯ ᠤᠨ ᠨᠠᠶᠢᠷ — ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠠᠮᠵᠢᠯᠳᠠᠳᠠᠢ ᠦᠨᠲᠦᠷᠯᠡᠯ᠎ᠡ
ᠨᠡᠶᠢᠲᠡᠯᠡᠭᠰᠡᠨ ᠴᠠᠭ᠄
2019/7/26
       7 ᠰᠠᠷ᠎ᠠ ᠶᠢᠨ 25 ᠤ ᠤᠷᠤᠢ᠂ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠰᠢᠯᠢ ᠶᠢᠨ ᠭᠤᠤᠯ ᠤᠨ ᠨᠠᠶᠢᠷ — ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠤᠷᠠᠯᠢᠭ  ᠤᠨ ᠨᠠᠶᠢᠷ ᠤᠨ ᠳᠡᠬᠦᠰᠬᠦ ᠦᠳᠡᠰᠢᠯᠡᠭᠡ   ᠨᠢ  ᠡᠯ᠎ᠡ ᠰᠤᠮᠤ ᠪᠠᠯᠭᠠᠰᠤᠨ ᠤ ᠠᠵᠢᠯ ᠤᠨ ᠴᠢᠯᠦᠭᠡᠨ ᠤ ᠤᠯᠠᠭᠠᠨᠮᠦ᠋ᠴᠢᠷ  ᠤᠨ ᠭᠤᠴᠤ ᠰᠠᠶᠢᠬᠠᠨ ᠤᠷᠠᠨ ᠰᠠᠶᠢᠬᠠᠨ ᠤ ᠳᠤᠭᠯᠠᠯᠳᠠ ᠪᠠᠷ ᠬᠦᠰᠢᠭᠡ ᠪᠠᠨ  ᠬᠠᠭᠠᠯ᠎ᠠ᠃           ᠲᠦᠷᠪᠡᠨ ᠡᠲᠦᠷ ᠦᠷᠬᠦᠯᠵᠢᠯᠡᠭᠰᠡᠨ  ︽ ᠰᠥᠨᠢᠳ ᠤᠶᠠᠩᠭ᠎ᠠ  ︾  ᠤᠷᠠᠨ ᠰᠠᠶᠢᠬᠠᠨ ᠤ  ᠲᠤᠭᠯᠠᠯᠲᠠ  ᠳᠤ  ᠲᠤᠯᠤᠭᠠᠨ ᠰᠤᠮᠤ ᠪᠠᠯᠭᠠᠰᠤᠨ ᠤ  ᠭᠤᠷᠪᠠᠨ ᠵᠠᠭᠤ  ᠢᠯᠡᠭᠦᠦ  ᠠᠷᠠᠳ ᠤᠨ  ᠠᠪᠢᠶᠠᠰᠲᠠᠳ  ᠲᠠᠭᠤᠤ᠂ ᠬᠦᠭᠵᠢᠮ᠂  ᠪᠦᠵᠢᠭ᠂  ᠵᠦᠴᠦᠭᠡ  ᠵᠡᠷᠭᠡ ᠲᠦᠷᠪᠡᠨ  ᠲᠦᠷᠦᠯ ᠤᠨ  ᠤᠷᠤᠯᠲᠤᠭᠠᠨ ᠳᠤ  ᠠᠪᠢᠶᠠᠰ ᠢᠶᠠᠨ  ᠰᠤᠷᠢᠨ  ᠦᠷᠢᠰᠦᠯᠲᠦᠯ᠎ᠡ᠃
         ︽ᠡᠾᠦᠩᠨᠦ ᠬᠦᠷᠦᠨ ᠤ  ᠨᠠᠭᠠᠲᠤᠮ︾  ︽ ᠠᠮᠢᠨ ᠦᠷᠭᠦᠯᠵᠢᠯᠡᠯ︾ ︽ ᠪᠠᠶᠠᠨ ᠲᠡᠯᠭᠡᠷ  ︾  ᠵᠡᠷᠭᠡ  ᠲᠠᠭᠤᠤ᠂  ︽ᠬᠠᠶᠢᠷ᠎ᠠ ᠶᠢᠨ ᠵᠠᠬᠢᠶ᠎ᠠ︾  ᠬᠡᠬᠦ ᠵᠦᠴᠦᠭᠡ᠂  ︽ᠨᠢᠢᠮᠠᠨ ᠠᠶᠠᠯᠭᠤᠤ︾  ᠭᠡᠬᠦ  ᠶᠠᠲᠤᠭ᠎ᠠ ᠶᠢᠨ ᠭᠤᠴᠤᠯᠠᠯ ᠵᠡᠷᠭᠡ   14  ᠰᠤᠲᠤᠨ  ᠲᠤᠭᠯᠠᠯᠲᠠ ᠶᠢ  ᠦᠵᠡᠭᠴᠢᠳ ᠲᠤ   ᠪᠠᠨ  ᠡᠷᠭᠦᠨ ᠲᠤᠯᠢᠯᠠᠭᠤᠯᠤᠭᠰᠠᠨ ᠤ  ᠬᠠᠮᠲᠤ  ᠱᠠᠩᠨᠠᠯ  ᠭᠠᠷᠲᠠᠭᠤᠯᠤᠨ  ᠤᠷᠮᠠᠰᠢᠭᠤᠯᠤᠯ᠎ᠠ᠃
ᠲᠠᠭᠤᠨ ᠤ  ᠤᠷᠤᠯᠲᠤᠭᠠᠨ ᠤ  ᠲᠡᠷᠢᠭᠦᠨ  — ᠵᠢᠷᠦᠭᠡ ᠪᠠᠯᠭᠠᠰᠤᠨ ᠤ ᠤᠴᠠᠷᠠᠯ  
ᠪᠦᠵᠢᠭ ᠤᠨ  ᠤᠷᠤᠯᠲᠤᠭᠠᠨ ᠤ  ᠲᠡᠷᠢᠭᠦᠨ —ᠰᠠᠩᠪᠤᠯᠠᠭ ᠰᠤᠮᠤᠨ ᠤ ᠰᠤᠨᠤᠷ᠎ᠠ
ᠬᠦᠭᠵᠢᠮ ᠤᠨ  ᠤᠷᠤᠯᠲᠤᠭᠠᠨ ᠤ  ᠲᠡᠷᠢᠭᠦᠨ  —  ᠰᠠᠶᠢᠬᠠᠬᠤᠯᠵᠡᠢ ᠰᠤᠮᠤᠨ ᠤ ᠨᠠᠨᠳᠢᠨ
ᠵᠦᠴᠦᠭᠡ ᠶᠢᠨ ᠲᠦᠷᠦᠯ ᠤᠨ ᠲᠡᠷᠢᠭᠦᠨ — ᠵᠢᠷᠦᠬᠡ ᠪᠠᠯᠭᠠᠰᠤᠨ   ᠤ ᠠᠵᠢᠯ ᠤᠨ ᠴᠢᠯᠦᠭᠡᠨ ᠤ  ᠤᠯᠠᠭᠠᠠᠮᠦ᠋ᠴᠢᠷ ᠤᠨ   ᠬᠢᠨ ᠤ   ︽ᠬᠠᠶᠢᠷ᠎ᠠ ᠶᠢᠨ ᠵᠠᠬᠢᠶ᠎ᠠ︾ ᠬᠡᠬᠦ ᠱᠤᠭ ᠵᠦᠴᠦᠭᠡ
ᠨᠢᠭᠡᠴᠡ ᠶᠢᠨ ᠰᠢᠯᠭᠠᠷᠠᠭᠤᠯᠤᠯᠳᠠ ᠳᠤ ᠰᠠᠩᠪᠤᠯᠠᠭ ᠰᠤᠮᠤ᠂ ᠵᠢᠷᠦᠭᠡ ᠪᠠᠯᠭᠠᠰᠤ᠂ ᠡᠷᠢᠶᠡᠨᠨᠠᠭᠤᠷ ᠰᠤᠮᠤ ᠲᠡᠷᠢᠭᠦᠨ  ᠭᠤᠷᠪᠠᠨ ᠳᠤ  ᠰᠢᠯᠭᠠᠷᠠᠯ᠎ᠠ᠃
ᠰᠠᠶᠢᠬᠠᠬᠤᠯᠵᠡᠢ ᠰᠤᠮᠤ᠂ ᠰᠠᠶᠢᠬᠠᠨᠳᠠᠯ᠎ᠠ ᠪᠠᠯᠭᠠᠰᠤ᠂ ᠦᠷᠭᠡᠨᠳᠡᠯ᠎ᠡ ᠪᠠᠯᠭᠠᠰᠤ᠂ ᠠᠴᠠᠳᠤᠠᠭᠤᠯᠠ ᠰᠤᠮᠤᠨ ᠤ ᠠᠵᠢᠯ ᠤᠨ ᠴᠢᠯᠦᠬᠡᠨ ᠤ ᠤᠯᠠᠭᠠᠨᠮᠦ᠋ᠴᠢᠷ ᠰᠢᠯᠢᠳᠡᠭ ᠵᠤᠬᠢᠶᠠᠨ ᠪᠠᠶᠢᠭᠤᠯᠤᠭᠰᠠᠨ ᠬᠠᠮᠳᠤ ᠨᠡᠶᠢᠳᠡ ᠪᠠᠷ  ᠬᠦᠬᠢᠬᠦᠯᠦᠭᠳᠡᠵᠡᠢ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号