ᠰᠥᠨᠢᠳ ᠤᠨ  ᠲᠠᠯ᠎ᠠ ᠨᠤᠲᠤᠭ ᠲᠤ  ᠨᠠᠶᠢᠷᠠᠯ ᠲᠠᠭᠤᠨ ᠤ  ᠨᠠᠶᠢᠷ  ᠶᠠᠪᠤᠭᠲᠠᠯ᠎ᠠ
ᠨᠡᠶᠢᠲᠡᠯᠡᠭᠰᠡᠨ ᠴᠠᠭ᠄
2019/7/25
       ᠪᠠᠶᠢᠭᠠᠯᠢ  ᠲᠡᠯᠡᠭᠡᠢ  ᠎ ᠨᠢ  ᠬᠤᠷ᠎ᠠ ᠶᠢᠨ ᠭᠡᠰᠢᠭ  ᠎ ᠢᠶᠠᠨ  ᠬᠠᠶᠢᠷᠠᠯᠠᠵᠤ᠂ ᠮᠠᠯᠴᠢᠨ ᠠᠷᠠᠳ  ᠎ ᠤᠨ  ᠰᠡᠳᠬᠢᠯ ᠎ ᠨᠢ  ᠲᠡᠨᠢᠢᠭᠰᠡᠨ  ᠡᠨᠡ  ᠵᠤᠨ᠂  ᠰᠥᠨᠢᠳ ᠨᠤᠲᠤᠭ ᠤᠨ  ᠬᠤᠲᠠᠯᠠ  ᠲᠦᠮᠡᠨ  ᠡᠬᠡ ᠤᠯᠤᠰ  ᠎ ᠤᠨ  ᠎ ᠢᠶᠠᠨ  ᠲᠠᠯᠠᠨ ᠵᠢᠯ ᠤᠨ  ᠤᠢ ᠶᠢᠨ  ᠪᠠᠶᠠᠷ ᠢ   ᠤᠳᠬ᠎ᠠ ᠲᠡᠭᠦᠯᠲᠡᠷ  ᠤᠭᠲᠤᠨ ᠲᠡᠮᠲᠡᠭᠯᠡᠵᠦ ᠪᠠᠶᠢᠨ᠎ᠠ᠃
       ᠤᠶᠠᠩᠭᠠᠨ ᠬᠤᠷ᠎ᠠ ᠪᠠᠷ ᠢᠶᠠᠨ  ᠬᠤᠯᠠ  ᠤᠶᠢᠷ᠎ᠠ ᠶᠢᠨ ᠦᠵᠡᠭᠴᠢ ᠶᠢᠨ  ᠰᠡᠳᠬᠢᠯ ᠢ  ᠤᠮᠲᠠᠯᠠᠵᠤ ᠪᠠᠶᠢᠭ᠎ᠠ  ᠤᠯᠠᠭᠠᠠᠮᠦᠴᠢᠷ ᠤᠨ  ᠤᠷᠠᠯᠢᠭ ᠤᠨ  ᠨᠠᠶᠢᠷ ᠤᠨ     ︽ ᠲᠠᠯ᠎ᠠ ᠨᠤᠲᠤᠭ ᠤᠨ  ᠨᠠᠶᠢᠷᠠᠯ ᠲᠠᠭᠤᠨ  ᠎ ᠤ    ᠨᠠᠭᠠᠲᠤᠮ  ︾  ᠎ ᠨᠢ   ᠡᠨᠡ  ᠤᠷᠤᠢ  ᠤᠳᠬ᠎ᠠ ᠲᠠᠭᠦᠯᠲᠡᠷ  ᠪᠤᠯᠵᠤ ᠦᠩᠭᠡᠷᠡᠨ᠂   ᠬᠤᠷᠠᠨ ᠴᠤᠭᠯᠠᠭᠰᠠᠨ  ᠤᠯᠠᠨ ᠎ ᠳᠤ  ᠂  ᠤᠷᠠᠯᠢᠭ ᠤᠨ  ᠭᠤᠸ᠎ᠠ ᠰᠠᠶᠢᠬᠠᠨ ᠢ  ᠮᠡᠲᠡᠷᠡᠭᠦᠯᠦᠯ᠎ᠡ᠃ ︽ᠪᠢ ᠡᠬᠡ ᠤᠷᠤᠨ ᠲᠠᠢ ᠪᠠᠨ︾  ᠭᠡᠬᠦ   ᠨᠠᠶᠢᠷᠠᠯ ᠲᠠᠭᠤᠤ ᠪᠠᠷ᠂   ᠲᠠᠯ᠎ᠠ ᠨᠤᠲᠤᠭ ᠤᠨ  ᠨᠠᠶᠢᠷᠠᠯ  ᠲᠠᠭᠤᠨ ᠤ  ᠨᠠᠶᠢᠷ ᠢᠶᠠᠨ  ᠡᠬᠢᠯᠡᠭᠦᠯᠦᠯ᠎ᠡ︽ᠰᠥᠨᠢᠳ ᠤᠶᠠᠩᠭ᠎ᠠ︾  ᠨᠠᠶᠢᠷᠠᠯ ᠲᠠᠭᠤᠨ ᠤ  ᠪᠦᠯᠭᠦᠮ  ᠎ ᠤᠨ  ᠎ ᠬᠢᠨ  ᠠᠪᠢᠶᠠᠰ ᠢᠶᠠᠨ  ᠲᠤᠯᠢᠯᠠᠭᠤᠯᠤᠯ᠎ᠠ
ᠲᠤᠮᠲᠠᠲᠤ ᠤᠯᠤᠰ ᠤᠨ  ᠤᠯᠠᠨ ᠤᠯᠤᠰ ᠤᠨ  ᠠᠭᠠᠷ ᠠᠶᠠᠯᠠᠯ ᠤᠨ  ᠬᠤᠪᠢᠴᠠᠭᠠᠲᠤ  ᠺᠤᠮᠫᠠᠨᠢ ᠶᠢᠨ  ᠨᠠᠶᠢᠷᠠᠯ ᠲᠠᠭᠤᠨ ᠤ  ᠪᠦᠯᠭᠦᠮ ᠤᠨ  ᠎ ᠬᠢᠨ  ᠠᠶ᠎ᠠ ᠡᠭᠡᠰᠢᠭ ᠢᠶᠠᠨ  ᠡᠷᠭᠦᠵᠦ  ᠪᠠᠶᠢᠭ᠎ᠠ ᠨᠢ
ᠰᠥᠨᠢᠳ ᠪᠠᠭᠠᠴᠤᠳ ᠤᠨ  ᠨᠠᠶᠢᠷᠠᠯ ᠲᠠᠭᠤᠨ ᠤ  ᠪᠦᠯᠭᠦᠮ ᠤᠨ  ᠎ ᠬᠢᠨ᠂  ︽ᠤᠯᠤᠰ ᠤᠨ  ᠲᠤᠭ︾  ︽ ᠲᠡᠮᠦᠵᠢᠨ︾  ︽ ᠪᠢᠲᠡᠨ ᠤ  ᠬᠦᠰᠡᠯᠡᠩ︾  ᠵᠡᠷᠭᠡ  ᠠᠶ᠎ᠠ  ᠲᠠᠭᠤᠤ ᠪᠠᠨ ᠡᠷᠭᠦᠯ᠎ᠡ
ᠲᠤᠮᠲᠠᠲᠤ ᠡᠾᠧᠷᠦᠫᠠ ᠶᠢᠨ  ᠰᠤᠷᠤᠭᠴᠢᠳ ᠤᠨ  ︽ᠬᠠᠶᠢᠲᠠᠩ ᠴᠡᠴᠡᠭ︾  ᠨᠠᠶᠢᠷᠠᠯ ᠲᠠᠭᠤᠨ ᠤ  ᠪᠦᠯᠭᠦᠮ ᠤᠨ  ᠎ ᠬᠢᠨ  ᠂  ᠠᠪᠢᠶᠠᠰ  ᠎ ᠢᠶᠠᠨ  ᠲᠤᠯᠢᠯᠠᠭᠤᠯᠤᠯ᠎ᠠ
       ᠨᠠᠶᠢᠷᠠᠯ ᠲᠠᠭᠤᠤ ᠨᠢ  ᠭᠠᠭᠴᠠ ᠬᠦ  ᠦᠩᠭᠡ ᠶᠢᠨ  ᠭᠡᠷᠡᠯ  ᠰᠠᠴᠤᠷᠠᠭᠰᠠᠨ  ᠠᠯᠲᠠᠨ ᠤᠷᠲᠤᠨ  ᠎ ᠳᠤ  ᠪᠢᠰᠢ᠂  ᠦᠵᠡᠮᠵᠢ ᠲᠡᠭᠦᠰ  ᠲᠠᠯ᠎ᠠ ᠨᠤᠲᠤᠭ ᠲᠤ ᠴᠦ    ᠤᠶᠠᠩᠭ᠎ᠠ ᠡᠭᠡᠰᠢᠭ  ᠎ ᠢᠶᠠᠷ ᠢᠶᠠᠨ  ᠰᠤᠯᠤᠩᠭᠠᠷᠠᠲᠠᠭ ᠭᠡᠲᠡᠭ  ᠎ ᠢ  ᠬᠤᠯᠠ   ᠤᠶᠢᠷ᠎ᠠ  ᠎ ᠶᠢᠨ  ᠎ ᠬᠢᠨ ᠳᠤ  ᠮᠡᠲᠡᠷᠡᠭᠦᠯᠦᠭᠰᠡᠨ  ᠂ ᠰᠥᠨᠢᠳ  ᠲᠠᠯ᠎ᠠ ᠨᠤᠲᠤᠭ ᠤᠨ  ᠨᠠᠶᠢᠷᠠᠯ ᠲᠠᠭᠤᠨ ᠤ  ᠨᠠᠭᠠᠲᠤᠮ ᠨᠢ  ᠡᠶᠢᠨ ᠬᠦ  ᠤᠳᠬ᠎ᠠ ᠲᠠᠭᠦᠯᠲᠡᠷ  ᠪᠤᠯᠵᠤ ᠦᠩᠭᠡᠷᠡᠯ᠎ᠡ᠃  
 
ᠢᠷᠡᠯᠲᠡ᠄ ᠰᠦᠨᠢᠳ ᠪᠠᠷᠠᠭᠤᠨ ᠬᠤᠰᠢᠭᠤᠨ ᠤ ᠬᠠᠮ ᠵᠢᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号