ᠬᠠᠮ ᠵᠠᠭᠤᠴᠯᠠᠭᠤᠷ ᠤᠨ ᠰᠤᠷᠪᠤᠯᠵᠯᠠᠭᠴᠢ᠄ ᠢᠲᠡᠭᠡᠯ | 11 ᠰᠠᠷ᠎ᠠ ᠶᠢᠨ 9 ᠤ ᠡᠳᠦᠷ᠂ ᠬᠤᠰᠢᠭᠤ ᠵᠠᠰᠠᠭ ᠤᠨ ᠣᠷᠳᠤᠨ ᠤ ᠡᠮᠦᠨ᠎ᠡ ᠲᠠᠯ᠎ᠠ ᠳᠤ ᠪᠠᠶᠢᠷᠢᠯᠠᠬᠤ ᠠᠭᠤᠳᠠᠮ | ᠲᠠᠯᠠᠪᠠᠢ ᠳᠤ ᠴᠠᠭᠠᠨ ᠮᠣᠷᠢᠨ ᠤ ᠱᠤᠭᠤᠮᠠᠯ ᠤᠨ ᠪᠤᠰᠬᠠᠭᠲᠠᠭᠰᠠᠨ ᠢ ᠪᠡᠯᠭᠡᠯᠡᠬᠦ ᠦᠢᠯᠡ ᠠᠵᠢᠯᠯᠠᠭ᠎ᠠ ᠪᠤᠯᠵᠤ | ᠦᠩᠭᠷᠡᠭᠰᠡᠨ ᠨᠢ᠂ ᠰᠥᠨᠢᠳ ᠨᠤᠲᠤᠭ ᠤᠨ ᠬᠦᠭᠵᠢᠯ ᠤᠨ ᠲᠡᠤᠬᠡᠨ ᠳᠠᠬᠢ ᠲᠡᠮᠲᠡᠭᠯᠡᠭᠦᠰᠢᠲᠡᠢ ᠶᠠᠪᠤᠲᠠᠯ ᠪᠤᠯᠬᠤ ᠶᠤᠮ᠃ | | | ᠰᠥᠨᠢᠳ ᠤᠨ ︽ᠴᠠᠭᠠᠨ ᠮᠤᠷᠢᠨ ᠱᠤᠭᠤᠮᠠᠯ︾ ᠤᠨ ᠲᠡᠤᠬᠡ᠄ | ᠣᠳᠤ ᠠᠴᠠ 30 ᠵᠢᠯ ᠤᠨ ᠡᠮᠦᠨ᠎ᠡ᠂ ᠰᠠᠶᠢᠬᠠᠨᠲᠠᠯ᠎ᠠ ᠪᠠᠯᠭᠠᠰᠤᠨ ᠤ ᠰᠠᠶᠢᠬᠠᠨ ᠶᠡᠭᠡ ᠵᠡᠭᠡᠯᠢ ᠪᠣᠯᠤᠨ ᠳᠦᠭᠦᠷᠡᠩ | ᠵᠠᠮ ᠤᠨ ᠠᠭᠤᠯᠵᠠᠭᠤᠷ ᠲᠤ ᠠᠩᠬ᠎ᠠ ᠪᠤᠰᠬᠠᠭᠲᠠᠭᠰᠠᠨ᠂ ᠲᠡᠷᠡ ᠨᠢᠭᠡᠨ ᠴᠠᠭ ᠦᠶ᠎ᠡ ᠶᠢᠨ ᠬᠦᠮᠦᠰ ᠤᠨ | ᠲᠤᠷᠠᠰᠤᠮᠵᠢ ᠶᠢ ᠰᠠᠨᠠᠭᠳᠠᠭᠤᠯᠵᠤ ᠪᠠᠶᠢᠳᠠᠭ ᠴᠠᠭᠠᠨ ᠮᠣᠷᠢᠨ ᠤ ᠱᠤᠭᠤᠮᠠᠯ ᠨᠢ᠂ 1989 ᠣᠨ ᠤ ᠪᠦᠬᠦ | ᠬᠤᠰᠢᠭᠤᠨ ᠤ ᠮᠠᠯ ᠤᠨ ᠲᠤᠭ᠎ᠠ ᠲᠣᠯᠣᠭᠠᠢ ᠵᠠᠭᠤᠨ ᠲᠦᠮᠡ ᠶᠢ ᠲᠠᠪᠠᠭᠰᠠᠨ ᠪᠠᠶᠠᠷ ᠪᠤᠯᠤᠨ ︽ᠪᠦᠬᠦ ᠣᠷᠤᠨ ᠤ | ᠪᠣᠯᠪᠠᠰᠤᠨ ᠪᠠᠯᠭᠠᠰᠤ︾ ᠪᠠᠷ ᠴᠤᠯᠠᠯᠠᠭᠲᠠᠭᠰᠠᠨ ᠪᠠᠶᠠᠷᠲᠤ ᠶᠠᠪᠤᠲᠠᠯ ᠢ ᠲᠤᠷᠠᠰᠬᠠᠨ ᠲᠡᠮᠳᠡᠭᠯᠡᠬᠦ ᠶᠢᠨ ᠲᠥᠯᠦᠭᠡ | ᠱᠤᠭᠤᠭᠲᠠᠭᠰᠠᠨ ᠪᠠᠶᠢᠵᠤ᠂ ᠦᠵᠦᠮᠦᠴᠢᠨ ᠨᠤᠲᠤᠭ ᠲᠠᠢ ᠠᠷᠠᠳ ᠤᠨ ᠤᠷᠠᠯᠢᠭᠴᠢᠨ ᠦᠨᠳᠦᠰᠦ ᠣᠷᠠᠯᠠᠨ | ᠪᠦᠲᠦᠭᠡᠭᠰᠡᠨ ᠪᠢᠯᠡ᠃ | | ᠰᠢᠨ᠎ᠡ ᠪᠠᠷ ᠪᠤᠰᠬᠠᠭᠲᠠᠭᠰᠠᠨ ︽ᠴᠠᠭᠠᠨ ᠮᠤᠷᠢᠨ ᠤ ᠱᠤᠭᠤᠮᠠᠯ︾ ᠢ ᠰᠦᠨᠢᠳ ᠪᠠᠷᠠᠭᠤᠨ ᠬᠤᠰᠢᠭᠤᠨ ᠤ | ᠰᠠᠶᠢᠬᠠᠨ᠋ᠥ᠌ᠯᠵᠡᠢ ᠰᠣᠮᠣ ᠪᠠᠷ ᠨᠤᠲᠤᠭ ᠲᠠᠢ ᠣᠶᠤᠲᠠᠨ ᠵᠠᠯᠠᠭᠤ ᠰᠡᠯᠡᠭᠭᠡ ᠤᠷᠠᠯᠠᠨ ᠱᠤᠭᠤᠵᠤ᠂ ᠰᠠᠭᠤᠷᠢ ᠴᠢᠯᠠᠭᠤᠨ | ᠳᠡᠭᠡᠷ᠎ᠡ ᠨᠢ ᠤᠭ ᠤᠨ ᠬᠢ ᠲᠠᠢ ᠨᠢ ᠠᠳᠠᠯᠢ ᠪᠠᠷ ᠲᠠᠪᠤᠨ ᠬᠤᠰᠢᠭᠤ ᠮᠠᠯ ᠤᠨ ᠵᠢᠷᠤᠭ ᠢ ᠰᠡᠶᠢᠯᠵᠡᠢ᠃ | | | | | ᠰᠦᠨᠢᠳ ᠲᠦᠮᠡᠨ ᠤ ᠲᠡᠥᠬᠡᠨ ᠴᠠᠭ ᠤᠨ ᠭᠡᠷᠡᠴᠢ᠂ ᠮᠠᠯ ᠰᠦᠷᠦᠭ ᠤᠨ ᠦᠨᠢᠷ ᠥᠰᠦᠯᠲᠡ ᠶᠢᠨ ᠪᠡᠯᠭᠡᠳᠡᠯ | ᠪᠣᠯᠤᠭᠰᠠᠨ ᠴᠠᠭᠠᠨ ᠮᠣᠷᠢ ᠲᠡᠬᠢᠨᠳᠠ ᠰᠦᠨᠳᠡᠷᠯᠡᠬᠦ ᠪᠣᠯᠤᠯ᠎ᠠ ᠬᠡᠰᠡᠨ ᠰᠤᠷᠠᠭ ᠢᠶᠠᠷ ᠬᠦᠮᠦᠰ ᠤᠪᠤᠨ ᠴᠣᠪᠤᠨ ᠬᠦᠷᠴᠦ | ᠢᠷᠡᠵᠦ ᠵᠢᠷᠤᠭ ᠰᠡᠭᠦᠳᠡᠷ ᠲᠠᠲᠠᠭᠤᠯᠵᠤ ᠪᠠᠶᠢᠭ᠎ᠠ ᠨᠢ ︽ᠴᠠᠭᠠᠨ ᠮᠣᠷᠢ︾ ᠬᠦᠮᠦᠰ ᠤᠨ ᠰᠡᠳᠬᠢᠯ ᠳᠤ ᠶᠠᠮᠠᠷᠬᠠᠨ | ᠪᠠᠶᠢᠷᠢ ᠰᠠᠭᠤᠷᠢ ᠲᠠᠢ ᠪᠠᠶᠢᠭᠰᠠᠨ ᠢ ᠲᠣᠳᠤᠬᠠᠨ ᠬᠠᠷᠠᠵᠤ ᠪᠣᠯᠬᠤ ᠶᠤᠮ᠃ | |