ᠶᠡᠭᠡ ᠰᠠᠯᠬᠢᠨ ᠤ ᠬᠥᠬᠡ ᠦᠩᠭᠡ ᠶᠢᠨ ᠰᠡᠷᠡᠮᠵᠢ ᠶᠢᠨ ᠳᠣᠬᠢᠶ᠎ᠠ
ᠨᠡᠶᠢᠲᠡᠯᠡᠭᠰᠡᠨ ᠴᠠᠭ᠄
2019/10/30
   ᠰᠥᠨᠢᠳ ᠪᠠᠷᠠᠭᠤᠨ ᠬᠤᠰᠢᠭᠤᠨ ᠤ ᠴᠠᠭ ᠠᠭᠤᠷ ᠤᠨ ᠲᠣᠪᠴᠢᠶ᠎ᠠ 10 ᠰᠠᠷ᠎ᠠ ᠶᠢᠨ 30 ᠤ ᠡᠳᠦᠷ ᠤᠨ 10 ᠴᠠᠭ 59 ᠮᠢᠨᠦ᠋ᠲ ᠲᠤ ᠶᠡᠭᠡ ᠰᠠᠯᠬᠢᠨ ᠤ ᠬᠥᠬᠡ ᠦᠩᠭᠡ ᠶᠢᠨ ᠰᠡᠷᠡᠮᠵᠢ ᠶᠢᠨ ᠳᠣᠬᠢᠶ᠎ᠠ ᠨᠡᠶᠢᠲᠡᠯᠡᠪᠡ᠃    24 ᠴᠠᠭ ᠤᠨ ᠳᠣᠲᠣᠷ᠎ᠠ᠂ 6 ᠪᠤᠶᠤ 7 ᠲᠠᠰ ᠠᠴᠠ ᠲᠡᠭᠡᠭᠰᠢᠬᠢ ᠰᠠᠯᠬᠢ ᠰᠠᠯᠬᠢᠯᠠᠵᠤ ᠮᠡᠳᠡᠨ᠎ᠡ᠃ ᠬᠤᠯᠪᠣᠭᠳᠠᠯ ᠪᠦᠬᠦᠢ ᠨᠢᠭᠡᠴᠡ ᠪᠤᠯᠤᠨ ᠬᠤᠪᠢ ᠬᠦᠮᠦᠰ ᠰᠡᠷᠭᠡᠶᠢᠯᠡᠬᠦ ᠪᠡᠯᠡᠳᠬᠡᠯ ᠢᠶᠠᠨ ᠰᠠᠶᠢᠲᠤᠷ ᠬᠢᠬᠦ ᠬᠡᠷᠡᠭᠲᠡᠶ᠃  ᠰᠡᠷᠭᠡᠶᠢᠯᠡᠯᠲᠡ ᠶᠢᠨ ᠵᠢᠭᠠᠯᠲᠠ᠄    1. ᠵᠠᠰᠠᠭ ᠤᠨ ᠣᠷᠳᠣᠨ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠢᠨ ᠶᠡᠭᠡ ᠰᠠᠯᠬᠢ ᠠᠴᠠ ᠰᠡᠷᠬᠡᠶᠢᠯᠡᠬᠦ ᠠᠵᠢᠯ ᠢ ᠰᠠᠶᠢᠲᠤᠷ ᠬᠢᠨ᠎ᠡ︔    2 . ᠡᠭᠦᠳᠡ ᠴᠣᠩᠬᠤ ᠪᠠᠨ ᠰᠠᠶᠢᠲᠤᠷ ᠬᠠᠭᠠᠵᠤ᠂ ᠬᠦᠷᠢᠶ᠎ᠡ ᠬᠠᠰᠢᠶ᠎ᠠ᠂ ᠰᠠᠷᠠᠪᠴᠢ ᠵᠢᠶᠠᠰᠠ᠂ ᠵᠠᠷ ᠤᠨ ᠫᠠᠶᠢᠰᠠ ᠵᠡᠷᠭᠡ ᠰᠠᠯᠬᠢᠨ ᠳᠤ ᠠᠮᠠᠷᠬᠠᠨ ᠬᠡᠶᠢᠰᠦᠭᠲᠡᠬᠦ ᠪᠠᠷᠢᠯᠭ᠎ᠠ ᠶᠢᠨ ᠡᠳ᠋ ᠢ ᠪᠠᠬᠢᠯᠡᠵᠦ᠂ ᠶᠡᠭᠡ ᠰᠠᠯᠬᠢᠨ ᠳᠤ ᠠᠮᠠᠷᠬᠠᠨ ᠨᠥᠯᠥᠭᠡᠯᠡᠭᠳᠡᠬᠦ ᠭᠡᠷ ᠤᠨ ᠭᠠᠳᠠᠨᠠᠬᠢ ᠡᠳ᠋ ᠪᠣᠳᠠᠰ ᠢ ᠲᠣᠬᠢᠲᠠᠶ ᠲᠥᠪᠬᠢᠨᠡᠭᠦᠯᠵᠦ᠂ ᠪᠠᠷᠢᠯᠭ᠎ᠠ ᠶᠢᠨ ᠡᠳ᠋ ᠪᠣᠳᠠᠰ ᠢ ᠪᠦᠲᠡᠭᠡᠬᠦ ᠬᠡᠷᠡᠭᠲᠡᠶ︔    3 . ᠶᠠᠪᠠᠭᠠᠨ ᠬᠥᠮᠦᠨ ᠳᠤᠭᠤᠶ ᠲᠡᠷᠭᠡ ᠤᠨᠤᠬᠤ ᠦᠭᠡᠢ ᠪᠠᠶᠢᠬᠤ ᠶᠢ ᠬᠢᠴᠢᠶᠡᠨ᠂ ᠵᠠᠷ ᠤᠨ ᠫᠠᠶᠢᠰᠠ᠂ ᠲᠦᠷ ᠴᠠᠭ ᠤᠨ ᠪᠠᠷᠢᠯᠭ᠎ᠠ ᠶᠢᠨ ᠲᠣᠤᠷ᠎ᠠ ᠪᠠᠶᠢᠵᠦ ᠪᠣᠯᠬᠤ ᠦᠭᠡᠢ︔    4 . ᠬᠤᠯᠪᠣᠭᠳᠠᠯ ᠪᠦᠬᠦᠢ ᠰᠠᠯᠠᠭ᠎ᠠ ᠮᠥᠴᠢᠷ ᠪᠣᠯᠤᠨ ᠪᠠᠶᠢᠭᠤᠯᠭ᠎ᠠ ᠨᠢᠭᠡᠴᠡ ᠶᠢᠨ ᠬᠢᠨ ᠣᠢ ᠰᠢᠭᠤᠶ᠂ ᠲᠠᠯ᠎ᠠ ᠨᠤᠲᠤᠭ ᠤᠨ ᠭᠠᠯ ᠲᠦᠢᠮᠡᠷ ᠠᠴᠠ ᠰᠡᠷᠬᠡᠶᠢᠯᠡᠬᠦ ᠠᠵᠢᠯ ᠢ ᠴᠢᠩᠭᠠᠳᠬᠠᠬᠤ ᠬᠡᠷᠡᠭᠲᠡᠢ᠃
 
ᠢᠷᠡᠯᠲᠡ᠄ ᠰᠥᠨᠢᠳ ᠪᠠᠷᠠᠭᠤᠨ ᠬᠤᠰᠢᠭᠤᠨ ᠤ ᠴᠠᠭ ᠠᠭᠤᠷ ᠤᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号