ᠡᠨᠡ ᠵᠢᠯ ᠤᠨ 5 ᠰᠠᠷ᠎ᠠ ᠠᠴᠠ ᠡᠬᠢᠯᠡᠵᠤ ᠰᠠᠶᠢᠬᠠᠨᠲᠠᠯ᠎ᠠ ᠪᠠᠯᠭᠠᠰᠤ ᠨᠢ ᠪᠦᠬᠦ ᠬᠤᠰᠢᠭᠤᠨ ᠤ ᠭᠠᠴᠠᠭᠠᠨ ᠤ | ᠬᠤᠭᠤᠴᠠᠭ᠎ᠠ ᠰᠤᠯᠢᠬᠤ ᠰᠣᠩᠭᠤᠭᠤᠯᠢ ᠶᠢᠨ ᠠᠵᠢᠯ ᠤᠨ ᠪᠠᠶᠢᠷᠢᠯᠠᠭᠤᠯᠤᠯᠲᠠ ᠪᠤᠯᠤᠨ ᠱᠠᠭᠠᠷᠳᠠᠯᠭ᠎ᠠ᠂ ᠠᠯᠬᠤᠮ | ᠳᠠᠷᠠᠭ᠎ᠠ ᠵᠡᠷᠬᠡ ᠤᠯᠠᠨ ᠠᠷᠭ᠎ᠠ ᠠᠪᠴᠢᠯ ᠢ ᠤᠶᠠᠯᠳᠤᠭᠤᠯᠵᠤ ᠨᠠᠷᠢᠨ ᠬᠢᠨᠠᠮᠠᠭᠠᠢ᠂ ᠪᠤᠳᠠᠳᠠᠢ ᠪᠠᠶᠡᠯᠡᠬᠦᠯᠵᠤ᠂ | ᠬᠤᠭᠤᠴᠠᠭ᠎ᠠ ᠰᠤᠯᠢᠬᠤ ᠠᠵᠢᠯ ᠢ ᠰᠠᠶᠢᠳᠤᠷ ᠬᠢᠬᠦ ᠪᠠᠷ ᠳᠠᠮᠵᠢᠭᠤᠯᠣᠨ᠂ ᠶᠠᠳᠠᠭᠤ ᠠᠴᠠ ᠠᠩᠬᠢᠵᠢᠷᠠᠬᠤ | ᠰᠢᠪᠳᠤᠯᠤᠯᠲᠠ ᠶᠢᠨ ᠠᠵᠢᠯ ᠢ ᠳᠦᠯᠬᠢᠨ ᠠᠬᠢᠭᠤᠯᠵᠤ᠂ ᠬᠤᠭᠤᠴᠠᠭ᠎ᠠ ᠰᠤᠯᠢᠬᠤ ᠠᠵᠢᠯ ᠤᠨ ᠠᠮᠵᠢᠯᠲᠠᠲᠠᠢ | ᠶᠠᠪᠤᠭᠳᠠᠬᠤ ᠶᠢ ᠪᠠᠳᠤᠯᠠᠭᠰᠠᠨ ᠪᠠᠶᠢᠨ᠎ᠠ᠃ | ᠨᠢᠬᠡ ᠳᠤ᠂ ᠳᠦᠷᠢᠮ ᠳᠤᠭᠳᠠᠭᠠᠯ ᠢ ᠳᠤᠭᠳᠠᠭᠠᠵᠤ᠂ ᠡᠬᠦᠷᠬᠡ ᠬᠠᠷᠢᠭᠤᠴᠠᠯᠭ᠎ᠠ ᠪᠠᠨ ᠳᠤᠳᠤᠷᠬᠠᠶᠢᠯᠠᠪᠠ᠃ | ᠮᠠᠨ ᠤ ᠪᠠᠯᠭᠠᠰᠤ ᠨᠢ ᠭᠠᠴᠠᠭᠠᠨ ᠤ《 ᠬᠤᠶᠠᠷ ᠵᠦᠪᠯᠡᠯ 》 ᠤᠨ ᠬᠤᠭᠤᠴᠠᠭ᠎ᠠ ᠰᠤᠯᠢᠬᠤ ᠰᠣᠩᠭᠤᠭᠤᠯᠢ ᠶᠢᠨ | ᠠᠵᠢᠯ ᠢ ᠵᠢᠭᠠᠨ ᠵᠢᠯᠤᠭᠤᠳᠬᠤ ᠳᠤᠭᠤᠶᠢᠯᠠᠩ ᠪᠠᠶᠢᠭᠤᠯᠬᠤ ᠶᠢᠨ ᠬᠠᠮᠲᠤ《 ᠰᠠᠶᠢᠬᠠᠨᠲᠠᠯ᠎ᠠ ᠪᠠᠯᠭᠠᠰᠤᠨ ᠤ | ᠭᠠᠴᠠᠭᠠᠨ ᠤ〈 ᠬᠤᠶᠠᠷ ᠵᠦᠪᠯᠡᠯ 〉 ᠤᠨ ᠬᠤᠭᠤᠴᠠᠭ᠎ᠠ ᠰᠤᠯᠢᠬᠤ ᠰᠣᠩᠭᠤᠭᠤᠯᠢ ᠶᠢᠨ ᠠᠵᠢᠯ ᠢ ᠬᠡᠷᠡᠭᠵᠢᠬᠦᠯᠬᠦ | ᠳᠦᠰᠦᠯ》 ᠢ ᠳᠤᠭᠳᠠᠭᠠᠵᠤ᠂ ᠰᠤᠩᠭᠤᠭᠤᠯᠢ ᠶᠢᠨ ᠠᠯᠬᠤᠮ ᠳᠠᠷᠠᠭ᠎ᠠ ᠪᠤᠯᠤᠨ ᠬᠠᠮᠢᠶ᠎ᠠ ᠪᠦᠬᠦᠢ ᠳᠦᠷᠢᠮ | ᠳᠤᠭᠳᠠᠭᠠᠯ ᠢ ᠳᠤᠭᠳᠠᠭᠠᠵᠠᠢ᠃ ᠡᠬᠦᠨ ᠤ ᠬᠠᠮᠳᠤ ᠪᠠᠰᠠ ᠨᠠᠮ ᠵᠠᠰᠠᠭ ᠤᠨ ᠬᠠᠷᠢᠯᠴᠠᠭᠰᠠᠨ ᠬᠤᠷᠠᠯ᠂ ᠭᠠᠴᠠᠭ᠎ᠠ | ᠨᠡᠶᠢᠬᠡᠮ ᠲᠤᠭᠤᠷᠢᠭ ᠤᠨ《 ᠬᠤᠶᠡᠷ ᠵᠦᠪᠯᠡᠯ》 ᠤᠨ ᠬᠤᠭᠤᠴᠠᠭ᠎ᠠ ᠰᠤᠯᠢᠬᠤ ᠰᠤᠩᠭᠤᠭᠤᠯᠢ ᠶᠢᠨ ᠠᠵᠢᠯ ᠤᠨ | ᠳᠠᠶᠢᠴᠢᠯᠠᠯᠲᠠ ᠶᠢᠨ ᠶᠡᠭᠡ ᠬᠤᠷᠠᠯ ᠬᠤᠷᠠᠯᠳᠤᠵᠤ᠂ ᠨᠠᠷᠢᠨ ᠪᠤᠳᠠᠳᠠᠢ ᠰᠤᠩᠭᠤᠭᠤᠯᠢ ᠶᠢᠨ ᠠᠵᠢᠯ ᠤᠨ ᠬᠠᠷᠢᠭᠤᠴᠠᠯᠭ᠎ᠠ | ᠪᠠᠨ ᠪᠠᠳᠤᠳᠬᠠᠵᠤ᠂ ᠭᠠᠴᠠᠭᠠᠨ ᠤ ᠬᠤᠭᠤᠴᠠᠭ᠎ᠠ ᠰᠤᠯᠢᠬᠤ ᠰᠤᠩᠭᠤᠭᠤᠯᠢ ᠶᠢᠨ ᠠᠵᠢᠯ ᠤᠨ ᠬᠠᠤᠯᠢ ᠳᠦᠷᠢᠮ | ᠶᠤᠰᠤᠭᠠᠷ ᠶᠠᠪᠤᠭᠳᠠᠬᠤ ᠶᠢ ᠪᠠᠳᠤᠯᠠᠵᠤ᠂ ᠲᠦᠪ ᠴᠢᠬᠡᠴᠢ᠂ ᠦᠨᠡᠨᠴᠢ ᠰᠢᠳᠤᠷᠭᠤ᠂ ᠬᠠᠷᠢᠭᠤᠴᠠᠯᠭ᠎ᠠ ᠲᠠᠢ ᠭᠠᠴᠠᠭᠠᠨ | ᠤ ᠺᠠᠳ᠋ᠷ ᠢ ᠰᠤᠩᠭᠤᠵᠤ᠂ ᠪᠠᠭ ᠤᠨ ᠪᠦᠳᠦᠴᠡ ᠨᠢ ᠰᠢᠯᠢᠳᠡᠭ᠂ ᠪᠦᠯᠬᠦᠮᠳᠡᠯ ᠰᠠᠶᠢᠨ ᠪᠠᠭ ᠢ ᠪᠦᠷᠢᠯᠳᠤᠬᠦᠯᠵᠤ᠂ | ᠪᠦᠬᠦ ᠬᠦᠴᠦᠨ ᠢᠶᠠᠨ ᠬᠠᠮᠳᠤᠳᠬᠠᠨ ᠶᠠᠳᠠᠭᠤ ᠠᠴᠠ ᠠᠩᠬᠢᠵᠢᠷᠠᠬᠤ ᠰᠢᠪᠳᠤᠯᠤᠯᠲᠠ ᠳᠤ ᠠᠮᠢᠵᠢᠷᠠᠯ ᠤᠨ ᠬᠦᠴᠦᠨ ᠢ | ᠤᠯᠭᠤᠭᠰᠠᠨ ᠪᠠᠶᠢᠨ᠎ᠠ᠃ | ᠬᠤᠶᠡᠷ ᠲᠤ ᠂ ᠤᠬᠠᠭᠤᠯᠭ᠎ᠠ ᠪᠠᠨ ᠴᠢᠩᠭᠠᠳᠬᠠᠵᠤ᠂ ᠰᠠᠶᠢᠨ ᠰᠠᠶᠢᠬᠠᠨ ᠤᠷᠴᠢᠨ ᠲᠤᠭᠤᠷᠢᠨ ᠢ ᠪᠠᠶᠢᠭᠤᠯᠪᠠ᠃ | ᠮᠠᠨ ᠤ ᠪᠠᠯᠭᠠᠰᠤ ᠨᠢ ᠸᠢᠴᠠᠲ ᠬᠤᠯᠪᠤᠭ᠎ᠠ ᠂ ᠤᠬᠠᠭᠤᠯᠭ᠎ᠠ ᠶᠢᠨ ᠰᠠᠮᠪᠠᠷ᠎ᠠ᠂ ᠤᠷᠢᠶ᠎ᠠ᠂ ᠬᠤᠷᠠᠯ ᠡᠷᠬᠢᠯᠡᠬᠦ | ᠵᠡᠷᠬᠡ ᠬᠡᠯᠪᠡᠷᠢ ᠪᠠᠷ ᠤᠯᠠᠨ ᠠᠷᠭ᠎ᠠ ᠵᠠᠮ ᠢᠶᠠᠷ ᠭᠠᠴᠠᠭᠠᠨ ᠤ《 ᠬᠤᠶᠡᠷ ᠵᠦᠪᠯᠡᠯ》 ᠤᠨ ᠬᠤᠭᠤᠴᠠᠭ᠎ᠠ ᠰᠤᠯᠢᠬᠤ | ᠰᠣᠩᠭᠤᠭᠤᠯᠢ ᠶᠢᠨ ᠠᠵᠢᠯ ᠤᠨ ᠬᠠᠷᠠᠯᠲᠠ᠂ ᠠᠭᠤᠯᠭ᠎ᠠ ᠵᠡᠷᠬᠡ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠬᠠᠤᠯᠢ | ᠳᠤᠭᠳᠠᠭᠠᠯ ᠵᠢᠴᠢ ᠬᠤᠭᠤᠴᠠᠭ᠎ᠠ ᠰᠤᠯᠢᠬᠤ ᠰᠠᠬᠢᠯᠭ᠎ᠠ᠂ ᠰᠤᠩᠭᠤᠭᠳᠠᠬᠤ ᠨᠦᠬᠦᠴᠡᠯ᠂ ᠠᠯᠬᠤᠮ ᠳᠠᠷᠠᠭ᠎ᠠ ᠠᠵᠢᠯ ᠢ | ᠤᠬᠠᠭᠤᠯᠵᠤ᠂ ᠤᠯᠠᠨ ᠲᠦᠮᠡᠨ ᠳᠤ ᠤᠶᠢᠯᠭᠠᠭᠤᠯᠤᠨ᠂ ᠬᠤᠭᠤᠴᠠᠭ᠎ᠠ ᠰᠤᠯᠢᠬᠤ ᠰᠤᠩᠭᠤᠭᠤᠯᠢ ᠶᠢᠨ ᠠᠵᠢᠯ ᠳᠤ | ᠢᠳᠡᠪᠬᠢᠲᠠᠢ ᠤᠷᠤᠯᠴᠠᠨ᠂ ᠦᠪᠡᠷ ᠤᠨ ᠡᠷᠬᠡ ᠪᠠᠨ ᠬᠡᠷᠡᠭᠵᠢᠬᠦᠯᠵᠤ ᠬᠤᠭᠤᠴᠠᠭ᠎ᠠ ᠰᠤᠯᠢᠬᠤ ᠠᠵᠢᠯ ᠤᠨ ᠰᠢᠨᠵᠢᠯᠡᠬᠦ | ᠤᠬᠠᠭᠠᠨᠴᠢ ᠠᠯᠬᠤᠮ ᠳᠠᠷᠠᠭ᠎ᠠ ᠲᠠᠢ ᠶᠠᠪᠤᠭᠳᠠᠬᠤ ᠶᠢ ᠪᠠᠳᠤᠯᠠᠵᠠᠢ᠃ ᠡᠬᠦᠨ ᠤ ᠬᠠᠮᠳᠤ ᠪᠠᠰᠠ《 ᠨᠠᠮ ᠤᠨ ᠬᠡᠰᠢᠬᠦᠨ | ᠦᠭᠬᠦ ᠨᠢᠬᠡ ᠬᠤᠪᠢ ᠵᠠᠬᠢᠳᠠᠯ》 ᠢ ᠳᠠᠷᠬᠠᠭᠠᠵᠤ᠂ ᠦᠷᠬᠡᠨ ᠤᠯᠠᠨ ᠨᠠᠮ ᠤᠨ ᠬᠡᠰᠢᠬᠦᠳ ᠢ ᠢᠳᠡᠪᠬᠢᠲᠠᠢ | ᠬᠤᠭᠤᠴᠠᠭ᠎ᠠ ᠰᠤᠯᠢᠬᠤ ᠰᠤᠩᠭᠤᠭᠤᠯᠢ ᠶᠢᠨ ᠠᠵᠢᠯ ᠳᠤ ᠤᠷᠤᠯᠴᠠᠬᠤ ᠶᠢ ᠤᠷᠢᠶᠠᠯᠠᠭᠰᠠᠨ ᠪᠠᠶᠢᠨ᠎ᠠ᠃ | ᠭᠤᠷᠪᠠ ᠳᠤ ᠂ ᠬᠠᠳᠠᠭᠤ ᠴᠢᠩᠭ᠎ᠠ ᠪᠠᠷᠢᠮᠵᠢᠶ᠎ᠠ ᠪᠠᠷ ᠪᠠᠭ ᠤᠨ ᠪᠦᠷᠢᠯᠳᠦᠬᠦᠨ ᠢ ᠳᠤᠬᠢᠷᠠᠭᠤᠯᠪᠠ᠃ ᠬᠠᠳᠠᠭᠤ | ᠴᠢᠩᠭ᠎ᠠ ᠳᠦᠷᠦ ᠶᠢᠨ ᠪᠤᠳᠤᠯᠭ᠎ᠠ ᠪᠠᠷ ᠰᠢᠯᠢᠳᠡᠭ ᠪᠠᠭ ᠢ ᠰᠤᠩᠭᠤᠨ ᠭᠠᠷᠭᠠᠵᠤ᠂《 ᠵᠢᠱᠢᠭᠳᠡᠭᠰᠡᠳ ᠢᠶᠠᠷ ᠤᠷᠢᠳᠠᠪᠡᠷ | ᠰᠤᠩᠭᠤᠬᠤ ᠨᠦᠬᠦᠴᠡᠯ ᠳᠤ ᠳᠤᠬᠢᠷᠠᠬᠤ ᠲᠠᠪᠤᠨ ᠨᠦᠬᠦᠴᠡᠯ》᠂《 ᠠᠷᠪᠠᠨ ᠡᠷᠡᠰ ᠬᠤᠷᠢᠭᠯᠠᠬᠤ》 ᠳᠤᠭᠳᠠᠭᠠᠯ | ᠪᠤᠯᠤᠨ《 ᠪᠠᠭ ᠤᠨ ᠵᠢᠱᠢᠭᠳᠡᠭᠰᠡᠳ ᠢᠶᠠᠷ ᠰᠤᠩᠭᠤᠵᠤ ᠪᠤᠯᠬᠤ ᠦᠬᠡᠢ ᠠᠷᠪᠠᠨ ᠨᠢᠬᠡᠨ ᠵᠦᠢᠯ ᠤᠨ ᠪᠠᠶᠢᠳᠠᠯ》 | ᠶᠤᠰᠤᠭᠠᠷ ᠺᠠᠳ᠋ᠷ ᠢ ᠰᠤᠩᠭᠤᠨ᠂ ᠮᠡᠳᠡᠯᠬᠡ ᠴᠢᠳᠠᠪᠤᠷᠢ ᠬᠤᠤᠰᠯᠠᠭᠰᠠᠨ᠂ ᠴᠢᠳᠠᠪᠤᠷᠢᠳᠠᠨ ᠢ ᠬᠡᠷᠡᠭᠯᠡᠬᠦ ᠵᠡᠷᠴᠢᠮ ᠢᠶᠠᠷ | ᠨᠢᠬᠡ ᠪᠦᠯᠦᠭ ᠰᠢᠯᠢᠳᠡᠭ ᠴᠢᠳᠠᠪᠤᠷᠢᠳᠠᠨ ᠢ ᠰᠤᠩᠭᠤᠨ ᠭᠠᠷᠭᠠᠬᠤ ᠶᠢᠨ ᠬᠠᠮᠲᠤ ᠤᠳᠠᠭᠠᠨ ᠵᠢᠯ ᠤᠨ ᠠᠵᠢᠯ ᠤᠨ | ᠳᠤᠷᠰᠢᠯᠭ᠎ᠠ ᠲᠠᠢ᠂ ᠤᠯᠠᠨ ᠳᠠᠭᠠᠨ ᠬᠦᠷᠢᠶᠡᠯᠡᠯ ᠲᠠᠢ ᠠᠬᠠᠮᠠᠳ ᠺᠠᠳ᠋ᠷ ᠢ ᠪᠤᠳᠤᠯᠬᠢᠯᠠᠵᠤ᠂ ᠵᠤᠬᠢᠶᠠᠨ ᠪᠠᠶᠢᠭᠤᠯᠤᠯᠲᠠ | ᠳᠤ ᠨᠡᠶᠢᠴᠡᠭᠰᠡᠨ᠂ ᠤᠯᠠᠨ ᠲᠦᠮᠡᠨ ᠬᠠᠨᠤᠮᠵᠢᠲᠠᠢ ᠭᠠᠴᠠᠭᠠᠨ ᠤ ᠪᠠᠭ ᠤᠨ ᠡᠩᠨᠡᠭᠡ ᠶᠢ ᠰᠤᠩᠭᠤᠨ ᠭᠠᠷᠭᠠᠨ᠎ᠠ᠃ | ᠲᠦᠷᠪᠡ ᠳᠤ᠂ ᠤᠯᠠᠨ ᠲᠦᠮᠡᠨ ᠳᠤ ᠬᠦᠨᠵᠡᠬᠡᠶᠢᠷᠡᠨ᠂ ᠤᠯᠠᠨ ᠲᠦᠮᠡᠨ ᠤ ᠰᠠᠨᠠᠯ ᠢ ᠬᠤᠷᠢᠶᠡᠪᠠ᠃ ᠡᠯ᠎ᠡ | ᠵᠢᠭᠠᠨ ᠵᠢᠯᠤᠭᠤᠳᠬᠤ ᠳᠤᠭᠤᠶᠢᠯᠠᠩ ᠨᠢ ᠭᠠᠴᠠᠭᠠᠨ ᠳᠤ ᠬᠦᠨᠵᠡᠬᠡᠶᠢᠷᠡᠵᠤ᠂ ᠤᠯᠠᠨ ᠲᠦᠮᠡᠨ ᠠᠴᠠ ᠠᠰᠠᠭᠤᠨ | ᠰᠤᠷᠪᠤᠯᠵᠢᠯᠠᠨ᠂ ᠵᠤᠬᠢᠶᠠᠨ ᠪᠠᠶᠢᠭᠤᠯᠤᠯᠲᠠ ᠶᠢᠨ ᠠᠷᠠᠳᠴᠢᠯᠠᠯᠲᠤ ᠠᠮᠢᠳᠤᠷᠠᠯ ᠤᠨ ᠬᠤᠷᠠᠯ᠂ ᠰᠠᠨᠠᠯ ᠪᠤᠳᠤᠯ ᠢᠶᠠᠨ | ᠶᠠᠷᠢᠯᠴᠠᠬᠤ ᠬᠤᠷᠠᠯ᠂ ᠰᠠᠭᠤᠳᠠᠯ ᠤᠨ ᠬᠤᠷᠠᠯ ᠵᠡᠷᠬᠡ ᠬᠡᠯᠪᠡᠷᠢ ᠪᠠᠷ ᠭᠠᠴᠠᠭᠠᠨ ᠤ ᠨᠠᠮ ᠤᠨ ᠵᠤᠬᠢᠶᠠᠨ ᠪᠠᠶᠢᠭᠤᠯᠤᠯᠲᠠ | ᠪᠠᠭ ᠤᠨ ᠠᠵᠢᠯ ᠤᠨ ᠶᠠᠪᠤᠭᠳᠠᠵᠤ ᠪᠠᠶᠢᠭ᠎ᠠ ᠪᠠᠶᠢᠳᠠᠯ᠂ ᠬᠡᠰᠢᠬᠦᠨ ᠤ ᠬᠠᠷᠢᠭᠤᠴᠠᠯᠭ᠎ᠠ ᠪᠠᠨ ᠬᠦᠢᠴᠡᠳᠬᠡᠵᠤ ᠪᠠᠶᠢᠭ᠎ᠠ | ᠪᠠᠶᠢᠳᠠᠯ ᠳᠤ ᠦᠨᠡᠯᠡᠯᠲᠡ ᠬᠢᠵᠤ ᠰᠢᠯᠭᠠᠨ ᠪᠠᠶᠢᠴᠠᠭᠠᠪᠠ᠃ ᠭᠠᠴᠠᠭᠠᠨ ᠤ ᠪᠠᠶᠢᠳᠠᠯ ᠪᠤᠳᠤᠯᠢᠶᠠᠨ ᠲᠠᠢ᠂ ᠵᠤᠬᠢᠶᠠᠨ | ᠪᠠᠶᠢᠭᠤᠯᠤᠯᠲᠠ ᠰᠤᠯᠠ᠂ ᠺᠠᠳ᠋ᠷ ᠤᠨ ᠮᠦᠷᠬᠦᠯᠳᠦᠬᠡᠨ ᠳᠤᠪᠤᠶᠢᠮ᠎ᠠ ᠪᠠᠶᠢᠳᠠᠯ ᠲᠠᠢ ᠬᠦᠴᠢᠷ ᠳᠦᠪᠡᠬᠡᠲᠠᠢ ᠭᠠᠴᠠᠭ᠎ᠠ ᠶᠢ | ᠨᠢᠬᠡᠳᠤᠯᠲᠠᠢ ᠲᠦᠪᠯᠡᠷᠡᠬᠦᠯᠦᠨ ᠴᠢᠭᠴᠢᠯᠡᠨ᠂ ᠳᠤᠰᠬᠠᠢ ᠲᠦᠷᠦᠯ ᠢᠶᠠᠷ ᠵᠠᠰᠠᠬᠤ᠂ ᠬᠠᠪᠰᠤᠷᠤᠨ ᠳᠡᠳᠬᠦᠬᠦ ᠶᠢ | ᠬᠠᠷᠭᠠᠯᠵᠠᠭᠤᠯᠬᠤ᠂ ᠤᠳᠤᠷᠢᠳᠤᠯᠭ᠎ᠠ ᠠᠴᠠ ᠬᠢᠨᠠᠨ ᠬᠦᠢᠴᠡᠳᠬᠡᠬᠦ᠂ ᠺᠠᠳ᠋ᠷ ᠭᠠᠴᠠᠭᠠᠨ ᠳᠤ ᠰᠠᠭᠤᠬᠤ ᠵᠡᠷᠬᠡ ᠠᠷᠭ᠎ᠠ | ᠪᠠᠷ ᠳᠦᠰᠦᠯ ᠳᠤᠭᠳᠠᠭᠠᠵᠤ᠂ ᠵᠦᠷᠢᠴᠡᠯ ᠮᠦᠷᠬᠦᠯᠳᠦᠬᠡᠨ ᠢ ᠵᠤᠬᠢᠰᠲᠠᠢ ᠰᠢᠢᠳᠪᠦᠷᠢᠯᠡᠵᠤ᠂ ᠦᠵᠡᠯ ᠰᠠᠨᠠᠭᠠᠨ ᠤ | ᠠᠵᠢᠯ ᠢ ᠰᠠᠶᠢᠳᠤᠷ ᠬᠢᠵᠤ᠂ ᠬᠤᠭᠤᠴᠠᠭ᠎ᠠ ᠰᠤᠯᠢᠬᠤ ᠠᠵᠢᠯ ᠤᠨ ᠰᠠᠭᠤᠷᠢ ᠶᠢ ᠪᠠᠳᠤᠳᠬᠠᠪᠠ᠃ | ᠲᠠᠪᠤ ᠳᠤ᠂ ᠰᠠᠭᠢᠯᠭ᠎ᠠ ᠳᠦᠷᠢᠮ ᠢ ᠴᠢᠩᠭᠠᠳᠬᠠᠵᠤ᠂ ᠰᠤᠩᠭᠤᠭᠤᠯᠢ ᠶᠢᠨ ᠤᠷᠴᠢᠨ ᠢ ᠰᠠᠶᠢᠵᠢᠷᠠᠭᠤᠯᠪᠠ᠃ | ᠭᠠᠴᠠᠭᠠᠨ ᠤ《 ᠬᠤᠶᠡᠷ ᠵᠦᠪᠯᠡᠯ》 ᠤᠨ ᠪᠠᠭ ᠤᠨ ᠪᠦᠷᠢᠯᠳᠤᠬᠦᠨ ᠢ ᠳᠤᠭᠳᠠᠭᠠᠬᠤ᠂ ᠰᠤᠩᠭᠤᠭᠤᠯᠢ ᠶᠢᠨ | ᠪᠡᠯᠡᠳᠬᠡᠯ ᠠᠵᠢᠯ᠂ ᠰᠤᠩᠭᠤᠭᠤᠯᠢ ᠶᠢᠨ ᠠᠷᠠᠳ ᠢ ᠳᠡᠮᠳᠡᠭᠯᠡᠬᠦ᠂ ᠵᠢᠱᠢᠭᠳᠡᠭᠰᠡᠳ ᠢ ᠲᠠᠨᠢᠯᠴᠠᠭᠤᠯᠬᠤ᠂ ᠪᠢᠯᠧᠲ ᠦᠭᠬᠦ | ᠵᠡᠷᠬᠡ ᠡᠯ᠎ᠡ ᠭᠤᠭᠴᠤᠭ᠎ᠠ ᠶᠢ ᠴᠢᠩᠭ᠎ᠠ ᠬᠢᠨᠠᠵᠤ᠂ ᠪᠠᠯᠭᠠᠰᠤᠨ ᠤ ᠵᠢᠭᠠᠨ ᠵᠢᠯᠤᠭᠤᠳᠬᠤ ᠳᠤᠭᠤᠶᠢᠯᠠᠩ ᠠᠴᠠ ᠪᠦᠬᠦ | ᠶᠠᠪᠤᠴᠠ ᠳᠤ ᠤᠷᠤᠯᠴᠠᠨ᠂ ᠭᠠᠷ ᠤᠨ ᠦᠰᠦᠭ ᠵᠢᠷᠤᠬᠤ ᠳᠦᠷᠢᠮ ᠢᠶᠠᠷ ᠰᠤᠩᠭᠤᠭᠤᠯᠢ ᠶᠢᠨ ᠳᠦᠷᠢᠮ ᠢ ᠴᠢᠩᠭ᠎ᠠ | ᠬᠡᠷᠡᠭᠵᠢᠬᠦᠯᠵᠤ᠂ ᠬᠢᠨᠠᠯᠲᠠ ᠲᠠᠯᠪᠢᠬᠤ᠂ ᠰᠡᠷᠬᠡᠶᠢᠯᠡᠬᠦ ᠠᠵᠢᠯ ᠢ ᠲᠡᠬᠦᠯᠳᠡᠷᠵᠢᠬᠦᠯᠵᠤ᠂ ᠺᠠᠳ᠋ᠷ ᠪᠤᠯᠤᠨ ᠤᠯᠠᠨ ᠲᠦᠮᠡᠨ | ᠤ ᠱᠠᠭᠠᠷᠳᠠᠯᠭ᠎ᠠ ᠪᠠᠷ ᠨᠠᠷᠢᠨ ᠬᠢᠨᠠᠮᠠᠭᠠᠢ᠂ ᠲᠦᠪ ᠭᠤᠤᠯᠴᠢ᠂ ᠬᠠᠷᠢᠭᠤᠴᠠᠯᠭ᠎ᠠ ᠪᠠᠷ ᠰᠤᠩᠭᠤᠭᠳᠠᠭᠰᠠᠳ ᠢ | ᠲᠠᠨᠢᠯᠴᠠᠭᠤᠯᠵᠤ᠂ ᠴᠢᠩᠭ᠎ᠠ ᠬᠢᠨᠠᠯᠳᠠ ᠶᠢ ᠴᠢᠩᠭᠠᠳᠬᠠᠵᠤ᠂ ᠤᠭᠰᠠᠭ᠎ᠠ ᠲᠥᠷᠤᠯ ᠳᠤ ᠪᠠᠨ ᠲᠥᠰᠢᠭᠯᠡᠵᠤ᠂ | ᠬᠠᠭᠤᠷᠤᠨ ᠮᠡᠭᠡᠯᠡᠬᠦ᠂ ᠭᠡᠭᠡᠯᠢ ᠬᠠᠭ᠋ᠤᠤᠯᠢ ᠲᠥᠯᠬᠢᠬᠦ᠂ ᠬᠤᠲᠠᠯ ᠬᠠᠭᠤᠷᠮᠠᠭ ᠢᠶᠠᠷ ᠫᠢᠶᠤᠤ ᠤᠯᠬᠤ ᠵᠡᠷᠭᠡ ᠶᠢ | ᠡᠷᠡᠰ ᠬᠤᠷᠢᠭᠯᠠᠵᠤ᠂ ᠳᠦᠪ ᠴᠢᠬᠡᠴᠢ ᠠᠭᠤᠷ ᠠᠮᠢᠰᠬᠤᠯ ᠲᠠᠢ ᠰᠤᠩᠭᠤᠭᠤᠯᠢ ᠶᠢᠨ ᠤᠷᠴᠢᠨ ᠲᠤᠭᠤᠷᠢᠨ ᠢ | ᠴᠢᠷᠮᠠᠶᠢᠨ ᠪᠠᠶᠢᠭᠤᠯᠪᠠ᠃ | | |