ᠰᠢᠷᠭᠠᠭᠤ  ᠬᠦᠳᠡᠯᠮᠦᠷᠢ ᠪᠠᠷ ᠢᠶᠠᠨ  ᠪᠠᠶᠠᠵᠢᠯ ᠤᠨ ᠵᠠᠮ ᠢᠶᠠᠷ ᠵᠠᠮᠨᠠᠭᠰᠠᠨ — — ᠰᠠᠶᠢᠬᠠᠠᠲᠠᠯ᠎ᠠ ᠪᠠᠯᠭᠠᠰᠣᠨ ᠤ ᠪᠠᠶᠠᠠᠭᠤᠪᠢ ᠭᠠᠴᠠᠭᠠᠨ ᠤ ᠮᠠᠯᠴᠢᠨ ᠬᠤᠷᠴᠠᠪ᠊
ᠨᠡᠶᠢᠲᠡᠯᠡᠭᠰᠡᠨ ᠴᠠᠭ᠄
2018-06-05
    ᠬᠤᠷᠴᠠᠪᠢᠯᠢᠭ᠌ ᠪᠣᠯ ᠰᠠᠶᠢᠬᠠᠠᠲᠠᠯ᠎ᠠ ᠪᠠᠯᠭᠠᠰᠣᠨ ᠤ ᠪᠠᠶᠠᠠᠭᠤᠪᠢ ᠭᠠᠴᠠᠭᠠᠨ ᠤ ᠮᠠᠯᠴᠢᠨ᠂ ᠲᠡᠳᠡᠨ ᠤ ᠬᠢᠨᠢ ᠣᠣᠯ ᠎ ᠨᠢ ᠪᠠᠶᠠᠨ ᠡᠷᠬᠢᠮ ᠭᠡᠰᠡᠨ ᠦᠭᠡᠢ ᠴᠦ ᠦᠪᠡᠷ ᠲᠡᠭᠡᠨ ᠬᠦᠷᠦᠯᠴᠡᠭᠡ ᠲᠠᠢ ᠰᠠᠶᠢᠬᠠᠨ ᠠᠮᠢᠳᠣᠷᠠᠯ ᠲᠠᠢ ᠪᠠᠶᠢᠵᠠᠢ᠃ ᠭᠡᠲᠡᠯ᠎ᠡ ᠡᠮᠦᠨ᠎ᠡ ᠬᠡᠳᠦᠨ ᠵᠢᠯ ᠪᠠᠶᠢᠭᠠᠯᠢ ᠶᠢᠨ ᠭᠠᠮᠰᠢᠭ᠂  ᠮᠠᠯ ᠤᠨ ᠦᠨ᠎ᠡ ᠬᠠᠨᠭ᠍ᠰᠢ ᠳᠣᠣᠷ᠎ᠠ᠂  ᠬᠡᠥᠬᠡᠳ ᠤᠨ ᠰᠣᠷᠣᠯᠭ᠎ᠠ ᠶᠢᠨ ᠰᠦᠢᠳᠬᠡᠯ ᠵᠡᠷᠭᠡ ᠡᠯ᠎ᠡ ᠲᠠᠯ᠎ᠠ ᠶᠢᠨ ᠰᠢᠯᠲᠠᠭᠠᠨ ᠠᠴᠠ ᠪᠣᠯᠵᠦ ᠠᠮᠢᠳᠣᠷᠠᠯ ᠨᠢ ᠡᠳᠦᠷ ᠠᠴᠠ ᠡᠳᠦᠷ ᠳᠣᠷᠣᠶᠢᠲᠠᠵᠣ ᠡᠬᠢᠯᠡᠵᠡᠢ᠃2014 ᠣᠨ ᠳᠤ ᠭᠠᠴᠠᠭᠠᠨ ᠤ ᠬᠤᠶᠠᠷ ᠪᠠᠭ ᠤᠨ ᠬᠢᠨᠢ ᠲᠡᠳᠡᠨ ᠤ ᠠᠮᠢᠳᠣᠷᠠᠯ ᠤᠨ ᠬᠦᠴᠢᠷᠳᠡᠯᠲᠡᠢ ᠪᠠᠶᠢᠳᠠᠯ ᠢ ᠤᠶᠢᠯᠡᠭᠠᠵᠤ ᠮᠡᠳᠡᠭᠰᠡᠨ ᠤ ᠳᠠᠷᠠᠭ᠎ᠠ ᠪᠠᠯᠭᠠᠰᠣᠨ ᠤ ᠶᠠᠳᠠᠭᠤ ᠶᠢ ᠲᠡᠳᠬᠦᠬᠦ  ᠳᠣᠭᠤᠶᠢᠯᠠᠩ ᠎ ᠳᠤ ᠮᠡᠳᠡᠭᠳᠡᠨ᠂ ᠶᠠᠳᠠᠭᠤ ᠡᠷᠦᠬᠡ ᠳᠤ ᠳᠠᠩᠰᠠᠯᠠᠭᠰᠠᠨ  ᠪᠠᠶᠢᠨ᠎ᠠ᠃    ᠶᠠᠳᠠᠭᠤ ᠡᠷᠦᠬᠡ ᠳᠤ ᠣᠷᠣᠭᠰᠠᠨ ᠬᠤᠷᠴᠠᠪᠢᠯᠢᠭ᠌ ᠤᠨ ᠬᠢᠨᠢ ᠭᠠᠭᠴᠠ‌‍ᠲ᠋ᠡᠭᠡᠷ᠎ᠡ ᠱᠠᠳᠣᠨ ᠤ ᠳᠡᠮᠵᠢᠯᠭᠡ ᠶᠢ ᠠᠯᠠᠭ᠎ᠠ ᠪᠠᠨ ᠲᠣᠰᠴᠦ ᠬᠦᠯᠢᠶᠡᠵᠦ ᠰᠠᠭᠤᠭᠰᠠᠨ ᠦᠬᠡᠢ ᠬᠠᠷᠢᠨ ᠦᠪᠡᠷ ᠤᠨ ᠰᠢᠷᠭᠠᠭᠤ ᠬᠠᠳᠠᠭᠤᠵᠢᠯᠲᠠᠢ ᠬᠦᠳᠡᠯᠮᠦᠷᠢ ᠎ ᠪᠠᠷ ᠢᠶᠠᠨ ᠠᠵᠣ ᠠᠮᠢᠳᠣᠷᠠᠯ ᠢᠶᠠᠨ ᠴᠣᠭᠴᠠᠯᠠᠵᠣ᠂ ᠡᠷᠲᠡ ᠨᠢᠭᠡ ᠡᠳᠦᠷ ᠶᠠᠳᠠᠭᠤ ᠠᠴᠠ ᠠᠩᠭᠢᠵᠢᠷᠠᠬᠤ  ᠪᠠᠷ ᠴᠢᠷᠮᠠᠶᠢᠨ  ᠶᠠᠪᠣᠵᠠᠢ᠃     ᠣᠷᠴᠢᠮ ᠤᠨ ᠵᠢᠯ᠂ ᠮᠠᠨ ᠤ ᠬᠤᠰᠢᠭᠤᠨ ᠤ ᠨᠠᠷᠢᠯᠢᠭ ᠣᠨᠣᠪᠴᠢᠲᠠᠢ ᠶᠠᠳᠠᠭᠤ ᠶᠢ ᠲᠡᠳᠬᠦᠬᠦ ᠠᠵᠢᠯ ᠎ ᠨᠢ ᠪᠦᠬᠦ ᠲᠠᠯ᠎ᠠ ᠪᠠᠷ  ᠡᠷᠴᠢᠮᠲᠡᠢ ᠶᠠᠪᠤᠭᠳᠠᠵᠣ᠂ ᠬᠠᠪᠣᠷ ᠤᠨ ᠣᠷᠢᠬᠠᠨ ᠰᠠᠯᠬᠢ ᠮᠡᠲᠦ ᠶᠠᠳᠠᠭᠤ ᠡᠷᠦᠬᠡ ᠪᠣᠯᠭᠠᠨ ᠤ ᠰᠡᠳᠬᠢᠯ ᠎ ᠢ ᠳᠣᠯᠠᠭᠠᠴᠠᠭᠤᠯᠣᠨ᠂ ᠬᠤᠷᠴᠠᠪᠢᠯᠢᠭ᠌ ᠲᠤ ᠴᠦ ᠭᠡᠰᠡᠨ ᠰᠠᠶᠢᠬᠠᠨ ᠠᠮᠢᠳᠣᠷᠠᠯ ᠢᠶᠠᠷ ᠵᠠᠮᠨᠠᠬᠤ ᠢᠲᠡᠭᠡᠯ   ᠬᠦᠰᠡᠯ ᠢ ᠤᠯᠭᠤᠭᠰᠠᠨ ᠪᠠᠶᠢᠨ᠎ᠠ᠃2017 ᠣᠨ ᠳᠤ᠂ ᠬᠤᠷᠴᠠᠪᠢᠯᠢᠭ᠌ ᠦᠪᠡᠷ ᠤᠨ ᠭᠤᠷᠪᠠᠨ  ᠬᠦᠷᠳᠦᠲᠦ ᠮᠣᠲ᠋ᠣᠷ ᠲᠡᠷᠭᠡ ᠎ ᠪᠠᠷ ᠢᠶᠠᠨ ᠬᠤᠨᠢᠨ ᠤ ᠬᠤᠭ  ᠲᠡᠭᠡᠭᠡᠨ ᠪᠣᠷᠣᠯᠠᠭᠤᠯᠵᠣ ᠡᠬᠢᠯᠡᠵᠡᠢ᠂ ᠭᠠᠵᠠᠷ ᠣᠷᠣᠨ ᠤ ᠦᠨ᠎ᠡ ᠬᠠᠨᠭ᠍ᠰᠢ ᠳᠣᠣᠷ᠎ᠠ ᠪᠣᠯᠬᠤᠷ ᠲᠡᠷᠡ ᠲᠣᠰᠬᠠᠶᠢᠯᠠᠨ ᠳᠥᠷᠪᠡᠳ ᠬᠤᠰᠢᠭᠤᠨ ᠳᠤ ᠬᠦᠷᠴᠦ ᠬᠤᠭ ᠢᠶᠠᠨ  ᠪᠣᠷᠣᠯᠠᠭᠤᠯᠵᠣ᠂ ᠬᠡᠳᠦᠨ ᠰᠠᠷ᠎ᠠ ᠴᠢᠷᠮᠠᠶᠢᠭᠰᠠᠨ ᠢᠶᠠᠷ ᠣᠷᠣᠯᠭ᠎ᠠ ᠨᠢ ᠨᠡᠯᠢᠶᠡᠳ ᠵᠦᠭᠡᠷ ᠪᠠᠶᠢᠯ᠎ᠠ᠃ ᠬᠤᠷᠴᠡ ᠣᠷᠣᠯᠭ᠎ᠠ  ᠪᠠᠨ ᠤᠯᠠᠮ ᠨᠡᠮᠡᠭᠳᠡᠬᠦᠯᠵᠦ  ᠠᠮᠢᠳᠣᠷᠠᠯ ᠢᠶᠠᠨ ᠳᠡᠭᠡᠭᠰᠢᠯᠡᠬᠦᠯᠬᠦ ᠶᠢᠨ ᠲᠦᠯᠦᠭᠡ  ᠂ ᠠᠴᠢᠶᠠᠨ ᠤ ᠮᠠᠰᠢᠨ ᠬᠤᠳᠠᠯᠳᠣᠨ  ᠠᠪᠬᠤ ᠪᠠᠷ ᠲᠦᠯᠦᠪᠯᠡᠵᠦ ᠪᠠᠶᠢᠭᠰᠠᠨ ᠴᠤ ᠪᠡᠯᠡ ᠮᠦᠡᠭᠭᠦ ᠬᠦᠷᠦᠯᠴᠡᠭᠡ ᠦᠭᠡᠢ ᠠᠴᠠ ᠪᠣᠯᠵᠦ᠂ ᠰᠠᠨᠠᠭᠰᠠᠨ ᠵᠦᠢᠯ  ᠰᠠᠨᠠᠭ᠎ᠠ ᠪᠠᠷ ᠪᠣᠯᠣᠯ ᠦᠬᠡᠢ ᠬᠠᠴᠢᠭᠳᠠᠵᠤ ᠪᠠᠶᠢᠭ᠎ᠠ ᠦᠶ᠎ᠡ ᠳᠤ᠂ ᠬᠠᠪᠰᠣᠷᠣᠨ ᠲᠡᠳᠬᠦᠬᠦ ᠪᠠᠶᠢᠭᠤᠯᠣᠯᠭ᠎ᠠ ᠶᠢᠨ ᠬᠠᠷᠢᠭᠤᠴᠠᠯᠭᠠᠲᠠᠨ᠂ ᠣᠣᠯ ᠤᠨ ᠲᠠᠷᠢᠶᠠᠴᠢᠨ ᠠᠵᠢᠯᠲᠠᠨ ᠤ ᠬᠡᠯᠲᠡᠰ  ᠤᠨ ᠳᠠᠷᠤᠭ᠎ᠠ ᠠᠯᠲᠠᠠᠬᠤᠶᠠᠭ ᠨᠦᠬᠦᠷ ᠬᠠᠯᠠᠭᠤᠨ ᠭᠠᠷ ᠎ ᠢᠶᠠᠨ ᠰᠣᠩᠭᠤᠨ 5000 ᠲᠦᠭᠦᠷᠢᠭ ᠵᠢᠭᠡᠯᠡᠨ ᠦᠭᠴᠦ  ᠳᠡᠮᠵᠢᠯᠭᠡ ᠦᠵᠡᠭᠦᠯᠦᠭᠰᠡᠨ ᠪᠠᠶᠢᠨ᠎ᠠ᠃ 2017 ᠣᠨ ᠤ ᠡᠪᠦᠯ ᠂ ᠭᠠᠴᠠᠭᠠᠨ ᠤ ᠨᠢᠭᠡᠳᠦᠭᠡᠷ ᠱᠦᠵᠢ ᠯᠢ ᠬᠠᠢ ᠵᠢᠶᠦ᠋ᠨ ᠬᠤᠷᠴᠡ ᠶᠢᠨ ᠡᠪᠦᠯ ᠤᠨ ᠲᠥᠯ ᠲᠣᠰᠴᠦ ᠶᠠᠭᠠᠷᠠᠵᠣ ᠪᠠᠶᠢᠬᠤ ᠶᠢ ᠣᠶᠢᠯᠠᠭᠠᠵᠣ ᠮᠡᠳᠡᠭᠡᠳ  ᠬᠠᠪᠰᠣᠷᠣᠨ ᠲᠡᠳᠬᠦᠬᠦ ᠪᠠᠶᠢᠭᠤᠯᠣᠯᠭ᠎ᠠ ᠬᠤᠰᠢᠭᠤ ᠨᠠᠮ ᠤᠨ ᠬᠤᠷᠢᠶᠠᠨ ᠤ ᠠᠯᠪᠠᠨ ᠭᠡᠷ ᠲᠠᠢ ᠬᠠᠷᠢᠯᠴᠠᠵᠣ2000 ᠲᠦᠭᠦᠷᠢᠭ ᠤᠨ ᠪᠣᠷᠳᠣᠭᠤᠷ ᠬᠤᠳᠠᠯᠳᠣᠨ ᠠᠪᠴᠦ ᠲᠡᠳᠡᠨ ᠤ  ᠬᠢᠨᠢ ᠳᠤ ᠲᠣᠰᠬᠠᠶᠢᠯᠠᠨ ᠬᠦᠷᠭᠡᠨ ᠣᠴᠢᠵᠠᠢ᠃ ᠡᠨᠡ ᠨᠢ ᠬᠤᠷᠴᠡ ᠶᠢᠨ ᠨᠢᠭᠡ ᠭᠡᠷ ᠲᠤ ᠬᠠᠬᠢᠷ ᠡᠪᠦᠯ ᠤᠨ ᠬᠠᠯᠠᠭᠤᠨ ᠳᠡᠮᠵᠢᠯᠭᠡ ᠪᠣᠯᠣᠭᠰᠠᠨ  ᠶᠤᠮ᠃ ᠲᠡᠳᠡᠨ ᠤ ᠬᠢᠨᠢ ᠶᠠᠳᠠᠭᠤ ᠡᠷᠦᠬᠡ ᠳᠤ ᠳᠠᠩᠰᠠᠯᠠᠭᠤᠯᠠᠭᠰᠠᠨ ᠠᠴᠠ ᠨᠠᠭᠠᠰᠢ᠂ ᠭᠠᠴᠠᠭᠠᠨ ᠳᠤ ᠰᠠᠭᠤᠭ᠎ᠠ ᠠᠵᠢᠯᠯᠠᠬᠤ ᠳᠣᠭᠤᠶᠢᠯᠠᠩ ᠪᠣᠯᠣᠨ ᠬᠠᠪᠰᠣᠷᠣᠨ ᠲᠡᠳᠬᠦᠬᠦ ᠪᠠᠶᠢᠭᠤᠯᠣᠯᠭ᠎ᠠ ᠶᠢᠨ ᠵᠢᠯᠤᠭᠤᠳᠣᠯᠭ᠎ᠠ ᠳᠣᠣᠷ᠎ᠠ᠂ ᠣᠯᠣᠰ ᠤᠨ ᠶᠠᠳᠠᠭᠤ ᠶᠢ ᠲᠡᠳᠬᠦᠬᠦ ᠬᠠᠮᠢᠶ᠎ᠠ ᠪᠦᠬᠦᠢ ᠲᠦᠷᠥ ᠶᠢᠨ ᠪᠣᠳᠣᠯᠭ᠎ᠠ ᠶᠢ  ᠵᠢᠯ ᠳᠠᠷᠠᠭᠠᠯᠠᠨ  ᠬᠦᠷᠲᠡᠵᠦ  ᠂ ᠠᠮᠢᠳᠣᠷᠠᠯ ᠨᠢ ᠡᠳᠦᠷ  ᠎ ᠠᠴᠠ ᠡᠳᠦᠷ ᠦᠭᠡᠳᠠ ᠲᠠᠢ ᠪᠣᠯᠵᠤ ᠪᠠᠶᠢᠯ᠎ᠠ᠃      ᠡᠨᠡ ᠵᠢᠯ ᠤᠨ ᠬᠠᠪᠣᠷ᠂ ᠬᠤᠷᠴᠠᠪᠢᠯᠢᠭ᠌ ᠤᠨ ᠬᠢᠨᠢ ᠴᠦ ᠭᠡᠰᠡᠨ ᠶᠠᠭᠠᠷᠠᠯᠲᠠᠢ ᠪᠠᠶᠢᠯ᠎ᠠ᠂ ᠲᠡᠷᠡ ᠨᠢᠭᠡ ᠲᠠᠯ᠎ᠠ ᠎ ᠪᠠᠷ ᠬᠤᠨᠢᠨ ᠤ ᠬᠤᠭ ᠤᠨ ᠮᠠᠶᠢᠮᠠᠢ ᠪᠠᠨ ᠦᠷᠭᠦᠯᠵᠢᠯᠡᠵᠦ᠂ ᠪᠠᠰᠠ ᠰᠣᠯᠠ ᠰᠡᠯᠡᠭᠦᠦ ᠴᠠᠭ ᠢᠶᠠᠷ ᠢᠶᠠᠨ ᠣᠶᠢᠷ᠎ᠠ ᠰᠠᠭᠠᠬᠠᠯᠲᠠ ᠶᠢᠨ  ᠳᠠᠭᠠᠨ ᠬᠦᠷᠴᠦ ᠡᠯᠡᠰᠦ ᠰᠢᠷᠤᠢ ᠠᠷᠢᠯᠭᠠᠨ ᠪᠠᠭ᠎ᠠ ᠰᠠᠭ᠎ᠠ ᠮᠦᠡᠭᠭᠦ ᠬᠤᠷᠠᠮᠳᠠᠭᠤᠯᠤᠭᠰᠠᠨ ᠶᠤᠮ᠃  ᠲᠡᠳᠡᠨ ᠤ ᠬᠢᠨᠢ ᠪᠠᠰᠠ20 ᠮᠤ᠋ ᠬᠠᠳᠣᠯᠠᠩ ᠤᠨ ᠭᠠᠵᠠᠷ ᠲᠠᠢ ᠪᠠᠶᠢᠵᠣ᠂ ᠬᠤᠷ᠎ᠡ ᠪᠣᠷᠣᠭᠠᠨ ᠲᠡᠩᠴᠡᠭᠰᠡᠨ ᠵᠢᠯ ᠲᠥᠯ ᠮᠠᠯ ᠳ᠋ᠠᠭᠠᠨ‌ᠬᠠᠨᠭ᠍ᠭᠠᠯᠲᠠᠢ  ᠬᠦᠷᠦᠳᠡᠭ ᠪᠠᠶᠢᠯ᠎ᠠ᠃    ᠬᠤᠷᠴᠠᠪᠢᠯᠢᠭ᠌ 《ᠠᠮᠢᠳᠣᠷᠠᠯ ᠡᠳᠦᠷ ᠠᠴᠠ ᠡᠳᠦᠷ  ᠳᠡᠭᠵᠢᠷᠡᠯ᠎ᠡ᠂ ᠨᠠᠮ ᠵᠠᠰᠠᠭ ᠤᠨ ᠰᠠᠶᠢᠨ ᠲᠦᠷᠥ ᠶᠢᠨ ᠪᠣᠳᠣᠯᠭ᠎ᠠ᠂ ᠰᠢᠨ᠎ᠡ ᠴᠠᠭ ᠦᠶ᠎ᠡ ᠶᠢᠨ  ᠬᠠᠯᠠᠭᠤᠨ ᠳᠡᠮᠵᠢᠯᠭᠡ ᠳᠤ ᠲᠠᠯᠠᠷᠬᠠᠵᠣ ᠪᠠᠶᠢᠨ᠎ᠠ᠂ ᠪᠢ ᠯᠠᠪᠲᠠᠢ ᠵᠣᠷᠢᠭ ᠢᠶᠠᠨ ᠬᠦᠪᠴᠢᠯᠡᠨ ᠦᠪᠡᠷ ᠤᠨ ᠰᠢᠷᠭᠠᠭᠤ ᠴᠢᠷᠮᠠᠶᠢᠯᠭ᠎ᠠ ᠪᠠᠷ ᠢᠶᠠᠨ ᠠᠵᠣ ᠠᠮᠢᠳᠣᠷᠠᠯ ᠢᠶᠠᠨ ᠥᠭᠡᠳᠡ ᠳᠠᠲᠠᠨ ᠠᠪᠴᠣ ᠶᠠᠪᠣᠨ᠎ᠠ》ᠭᠡᠵᠦ ᠳᠣᠭᠳᠣᠯᠠᠨ ᠬᠡᠯᠡᠵᠤ ᠪᠠᠶᠢᠯ᠎ᠠ᠃     ᠴᠠᠭ  ᠮᠦᠴᠡ ᠬᠦᠳᠡᠯᠮᠦᠷᠢᠴᠢ ᠬᠦᠮᠦᠰ ᠲᠤ ᠠᠮᠵᠢᠯᠲᠠ ᠶᠢᠨ ᠦᠷ᠎ᠡ ᠪᠦᠲᠦᠭᠡᠯ  ᠬᠠᠶᠢᠷᠠᠯᠠᠨ ᠢᠪᠡᠭᠡᠵᠦ᠂ ᠵᠠᠯᠬᠠᠭᠤ ᠬᠤᠶᠢᠷᠭᠤ ᠬᠥᠮᠥᠰ ᠬᠠᠷᠢᠨ ᠬᠤᠭᠤᠰᠣᠨ ᠪᠣᠳᠣᠯ ᠢᠶᠠᠷ ᠨᠠᠰᠤ ᠪᠠᠨ‌‍ᠪᠠᠷᠠᠳᠠᠭ᠃ ᠶᠠᠳᠠᠭᠤ ᠠᠴᠠ ᠠᠩᠭᠢᠵᠢᠷᠠᠨ  ᠪᠠᠶᠠᠵᠢᠯ ᠤᠨ ᠵᠠᠮ ᠢᠶᠠᠷ ᠵᠠᠮᠨᠠᠬᠤ ᠨᠢ ᠨᠢᠭᠡ ᠯᠠ ᠠᠯᠬᠤᠮ ᠤᠨ ᠣᠴᠢᠷ ᠪᠢᠰᠢ᠂ ᠬᠤᠷᠴᠢᠪᠢᠯᠢᠭ᠌ ᠲᠤ ᠠᠪᠴᠤ ᠬᠡᠯᠡᠪᠡᠯ᠂ ᠰᠢᠷᠭᠠᠭᠤ ᠬᠦᠳᠡᠯᠮᠦᠷᠢ ᠨᠢ ᠲᠡᠭᠦᠨ ᠤ ᠬᠠᠮᠤᠭ ᠤᠨ ᠡᠷᠬᠢᠮ ᠨᠠᠠᠳᠢᠨ ᠵᠦᠢᠯ ᠪᠣᠯᠣᠨ᠎ᠠ᠂ ᠲᠡᠷᠡ ᠬᠤᠶᠠᠷ ᠭᠠᠷ ᠢᠶᠠᠷ ᠢᠶᠠᠨ ᠠᠮᠢᠳᠣᠷᠠᠯ ᠢᠶᠠᠨ ᠴᠤᠭᠴᠠᠯᠠᠵᠤ ᠠᠶᠢᠯ ᠭᠡᠷ ᠢᠶᠠᠨ ᠠᠪᠴᠣ ᠶᠠᠪᠣᠨ᠂ ᠬᠡᠳᠦᠢ ᠬᠦᠴᠢᠷᠲᠡᠢ ᠪᠠᠶᠢᠭᠰᠠᠨ ᠴᠦ ᠶᠠᠳᠠᠭᠤ ᠠᠴᠠ ᠯᠠᠪᠲᠠᠢ ᠠᠩᠭᠢᠵᠢᠷᠠᠨ᠎ᠠ ᠭᠡᠰᠡᠨ ᠬᠠᠲᠠᠭᠤ ᠵᠣᠷᠢᠭ ᠢᠶᠠᠷ ᠢᠶᠠᠨ᠂ ᠨᠠᠮ ᠵᠠᠰᠠᠭ ᠤᠨ ᠢᠶᠠᠨ ᠵᠦᠪ ᠣᠨᠣᠪᠴᠢᠲᠠᠢ ᠣᠳᠣᠷᠢᠳᠣᠯᠭ᠎ᠠ ᠳᠣᠣᠷ᠎ᠠ᠂ ᠰᠠᠶᠢᠬᠠᠨ‌ᠠᠮᠢᠳᠣᠷᠠᠯ ᠤᠨ ᠢᠶᠠᠨ ᠲᠦᠯᠦᠭᠡ  ᠮᠡᠷᠡᠶᠢᠨ  ᠴᠢᠷᠮᠠᠶᠢᠵᠦ  ᠶᠠᠪᠤᠭ᠎ᠠ ᠶᠤᠮ᠃
 
ᠢᠷᠡᠯᠲᠡ᠄ ᠰᠠᠶᠢᠬᠠᠠᠲᠠᠯ᠎ᠠ ᠪᠠᠯᠭᠠᠰᠣ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号