ᠴᠢᠭᠡᠴᠢ ᠰᠣᠷᠳᠠᠯ ᠢ ᠪᠠᠳᠠᠷᠠᠭᠤᠯᠣᠨ᠂ ᠨᠡᠶᠢᠭᠡᠮ ᠤᠨ ᠵᠦᠪ ᠡᠨᠧᠷᠬᠢ ᠶᠢ ᠳᠠᠮᠵᠢᠭᠤᠯᠵᠣ᠂ ᠺᠠᠳ᠋ᠷ ᠠᠷᠢᠭᠤᠨ ᠴᠢᠭᠡᠴᠢ᠂ | ᠵᠠᠰᠠᠭ ᠤᠨ ᠣᠷᠳᠣᠨ ᠠᠷᠢᠭᠤᠨ ᠴᠢᠭᠡᠴᠢ᠂ ᠣᠯᠣᠰ ᠲᠦᠷᠦ ᠠᠷᠢᠭᠤᠨ ᠴᠢᠭᠡᠴᠢ ᠪᠠᠶᠢᠬᠤ ᠰᠠᠶᠢᠨ ᠰᠠᠶᠢᠬᠠᠨ ᠠᠭᠤᠷ | ᠠᠮᠢᠰᠬᠤᠯ ᠢ ᠪᠦᠬᠦ ᠲᠠᠯ᠎ᠠ ᠪᠠᠷ ᠪᠦᠷᠢᠯᠳᠦᠭᠦᠯᠬᠦ ᠶᠢᠨ ᠲᠦᠯᠦᠭᠡ᠂ ᠬᠤᠰᠢᠭᠤ ᠨᠠᠮ ᠤᠨ ᠬᠤᠷᠢᠶ᠎ᠠ ᠪᠦᠬᠦ ᠬᠤᠰᠢᠭᠤᠨ | ᠳᠤ ︽ᠠᠷᠢᠭᠤᠨ ᠴᠢᠭᠡᠴᠢ ᠺᠠᠳ᠋ᠷ︾ ᠢ ᠰᠣᠩᠭᠤᠬᠤ ᠳᠣᠷᠰᠢᠯᠳᠠ ᠶᠢᠨ ᠴᠡᠭ ᠤᠨ ᠠᠵᠢᠯ ᠢ ᠦᠷᠨᠢᠭᠦᠯᠬᠦ ᠪᠠᠷ | ᠲᠣᠭᠳᠠᠪᠠ᠂ ᠣᠳᠣ ᠬᠠᠮᠢᠶ᠎ᠠ ᠪᠦᠬᠦᠢ ᠣᠴᠢᠷ ᠢ ᠮᠡᠳᠡᠭᠳᠡᠶ᠎ᠡ᠄ | ᠨᠢᠭᠡ᠂ ᠰᠣᠩᠭᠤᠬᠤ ᠬᠦᠷᠢᠶ᠎ᠡ ᠬᠡᠪᠴᠢᠶ᠎ᠡ | ᠬᠤᠰᠢᠭᠤ ᠰᠢᠭᠤᠳ ᠬᠠᠷᠢᠶ᠎ᠠ ᠰᠠᠯᠠᠭ᠎ᠠ ᠮᠦᠴᠢᠷ ᠤᠨ ᠪᠠᠭ ᠤᠨ ᠪᠦᠷᠢᠯᠳᠦᠭᠦᠨ ︵ᠳᠡᠳ᠋ ᠰᠠᠯᠠᠭ᠎ᠠ ᠳᠡᠰ ᠠᠴᠠ | ᠳᠡᠭᠡᠭᠰᠢᠬᠢ ᠵᠢᠩᠬᠢᠨᠢ ᠣᠳᠣᠷᠢᠳᠬᠤ ᠪᠠᠶᠢᠷᠢ ᠶᠢᠨ ᠪᠣᠰᠣ ᠺᠠᠳ᠋ᠷ ᠢ ᠪᠠᠭᠳᠠᠭᠠᠨ᠎ᠠ᠂ ᠳᠡᠳ᠋ ᠭᠠᠵᠠᠷ ᠤᠨ ᠺᠠᠳ᠋ᠷ ᠢ | ᠪᠠᠭᠳᠠᠭᠠᠬᠤ ᠦᠭᠡᠢ︶ ᠵᠢᠴᠢ ᠬᠠᠷᠢᠶᠠᠯᠠᠭᠳᠠᠬᠤ ᠬᠤᠶᠠᠳᠣᠭᠠᠷ ᠱᠠᠳᠣᠨ ᠤ ᠨᠢᠭᠡᠴᠢ ᠪᠣᠯᠣᠨ ᠰᠠᠯᠠᠭ᠎ᠠ ᠲᠠᠰᠤᠭ ᠤᠨ | ᠵᠢᠩᠭᠢᠨᠢ ᠠᠵᠢᠯᠳᠠᠳ᠃ ᠡᠯ᠎ᠡ ᠰᠣᠮᠣ ᠪᠠᠯᠭᠠᠰᠣᠨ ᠤ ᠪᠠᠭ ᠤᠨ ᠪᠦᠷᠢᠯᠳᠦᠭᠦᠨ ︵ᠳᠡᠳ᠋ ᠰᠠᠯᠠᠭᠠᠨ ᠳᠡᠰ ᠠᠴᠠ | ᠳᠡᠭᠡᠭᠰᠢᠬᠢ ᠵᠢᠩᠭᠢᠨᠢ ᠣᠳᠣᠷᠢᠳᠬᠤ ᠪᠠᠶᠢᠷᠢ ᠶᠢᠨ ᠪᠣᠰᠣ ᠺᠠᠳ᠋ᠷ ᠢ ᠪᠠᠭᠳᠠᠨ᠎ᠠ︶ ᠵᠢᠴᠢ ᠬᠠᠷᠢᠶᠠᠯᠠᠭᠳᠠᠬᠤ ᠦᠷᠳᠡᠭᠡ | ᠰᠠᠯᠪᠣᠷᠢ ᠶᠢᠨ ᠵᠢᠩᠭᠢᠨᠢ ᠠᠵᠢᠯᠳᠠᠳ᠃ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠤ ᠨᠠᠮ ᠤᠨ ᠡᠭᠦᠷ᠂ | ᠵᠦᠪᠯᠡᠯ᠂ ᠬᠢᠨᠠᠯᠳᠠ ᠶᠢᠨ ᠵᠦᠪᠯᠡᠯ ︽ᠭᠤᠷᠪᠠᠨ ᠵᠦᠪᠯᠡᠯ︾ ᠤᠨ ᠭᠡᠰᠢᠭᠦᠳ ᠪᠣᠯᠣᠨ ᠭᠠᠴᠠᠭ᠎ᠠ ᠲᠣᠰᠬᠤᠨ ᠳᠤ | ᠰᠠᠭᠤᠭ᠎ᠠ ᠠᠵᠢᠯᠯᠠᠬᠤ ᠠᠩᠭᠢ ᠶᠢᠨ ᠭᠡᠰᠢᠭᠦᠳ᠃ | ᠬᠤᠶᠠᠷ᠂ ᠰᠣᠩᠭᠤᠬᠤ ᠪᠠᠷᠢᠮᠵᠢᠶ᠎ᠠ | ︽ᠠᠷᠢᠭᠤᠨ ᠴᠢᠭᠡᠴᠢ ᠺᠠᠳ᠋ᠷ︾ ᠨᠢ ᠮᠣᠷᠠᠯ ᠡᠷᠳᠡᠮ ᠬᠤᠣᠰᠯᠠᠭᠰᠠᠨ᠂ ᠮᠣᠷᠠᠯ ᠢ ᠲᠡᠷᠢᠭᠦᠨ ᠳᠤ ᠲᠠᠯᠪᠢᠬᠤ ᠵᠠᠷᠴᠢᠮ | ᠶᠣᠰᠣᠭᠠᠷ᠂ ᠡᠷᠭᠡᠪᠰᠢ ᠨᠠᠮ ᠤᠨ ᠣᠯᠣᠰ ᠲᠦᠷᠦ᠂ ᠵᠣᠬᠢᠶᠠᠨ ᠪᠠᠶᠢᠭᠤᠯᠣᠯᠳᠠ᠂ ᠠᠷᠢᠭᠤᠨ ᠴᠢᠭᠡᠴᠢ᠂ ᠣᠯᠠᠨ | ᠲᠦᠮᠡᠨ᠂ ᠠᠵᠢᠯ᠂ ᠠᠮᠢᠳᠣᠷᠠᠯ ᠤᠨ ᠰᠠᠬᠢᠯᠭ᠎ᠠ ᠪᠠᠳᠣ ᠪᠣᠯᠣᠨ ᠲᠦᠪ ᠬᠤᠷᠢᠶᠠᠨ ᠤ ᠨᠠᠢᠮᠠᠨ ᠵᠣᠷᠪᠣᠰ ᠲᠣᠭᠳᠠᠭᠠᠯ ᠤᠨ | ᠵᠣᠷᠢᠭ ᠰᠠᠨᠠᠭ᠎ᠠ ᠵᠢᠴᠢ ᠬᠡᠷᠡᠭᠵᠢᠭᠦᠯᠬᠦ ᠨᠠᠷᠢᠨ ᠲᠦᠷᠢᠮ ᠢ ᠣᠬᠠᠮᠰᠠᠷ ᠠᠴᠠ ᠪᠠᠨ ᠵᠢᠷᠣᠮᠯᠠᠵᠣ᠂ ᠣᠯᠣᠰ ᠤᠨ ᠬᠠᠣᠯᠢ | ᠴᠠᠭᠠᠵᠠ ᠲᠦᠷᠢᠮ ᠲᠣᠭᠳᠠᠭᠠᠯ ᠢ ᠵᠢᠱᠢᠶᠡᠴᠢ ᠪᠠᠷ ᠵᠢᠷᠣᠮᠯᠠᠨ ᠰᠠᠬᠢᠵᠣ᠂ ᠢᠳᠡᠪᠬᠢᠳᠠᠢ ᠪᠠᠷ ᠣᠯᠠᠨ ᠲᠦᠮᠡᠨ ᠳᠤ | ᠦᠢᠯᠡᠴᠢᠯᠡᠨ ᠣᠯᠠᠨ ᠲᠦᠮᠡᠨ ᠤ ᠬᠦᠷᠢᠶᠡᠯᠡᠯ ᠢ ᠣᠯᠵᠣ᠂ ᠠᠵᠢᠯ ᠦᠢᠯᠡᠰ ᠢᠶᠠᠨ ᠡᠷᠬᠢᠮᠯᠡᠨ ᠬᠠᠶᠢᠷᠠᠯᠠᠵᠣ᠂ ᠬᠠᠷᠠᠮ | ᠦᠭᠡᠢ ᠵᠣᠷᠢᠭᠤᠯᠣᠨ ᠪᠣᠳᠠᠳᠣ ᠦᠷ᠎ᠡ ᠪᠦᠲᠦᠮᠵᠢ ᠣᠯᠣᠭᠰᠠᠨ᠂ ᠮᠠᠭᠤ ᠮᠠᠭᠤᠬᠠᠢ ᠳᠡᠳᠬᠠᠯ ᠦᠭᠡᠢ᠂ ᠠᠬᠠᠮᠠᠳ ᠢᠶᠠᠨ | ᠬᠦᠨᠳᠦᠯᠡᠨ ᠨᠢᠯᠬᠠᠰ ᠢ ᠬᠠᠶᠢᠷᠠᠯᠠᠵᠣ᠂ ᠦᠨᠡᠨᠴᠢ ᠰᠢᠳᠣᠷᠭᠤ ᠢᠳᠡᠭᠡᠯ ᠲᠠᠢ ᠪᠠᠶᠢᠬᠤ᠃ | ᠲᠣᠣᠷᠠᠬᠢ ᠪᠠᠶᠢᠳᠠᠯ ᠤᠨ ᠨᠢᠭᠡ ᠨᠢ ᠣᠷᠣᠰᠢᠵᠣ ᠪᠠᠶᠢᠪᠠᠯ᠂ ︽ᠠᠷᠢᠭᠤᠨ ᠴᠢᠭᠡᠴᠢ ᠺᠠᠳ᠋ᠷ︾ ᠢᠶᠠᠷ ᠰᠣᠩᠭᠤᠵᠣ ᠪᠣᠯᠬᠤ | ᠦᠭᠡᠢ᠄ | 1. ᠬᠠᠣᠯᠢ ᠰᠠᠬᠢᠯᠭ᠎ᠠ ᠶᠢ ᠵᠦᠷᠢᠴᠡᠭᠰᠡᠨ ᠰᠡᠵᠢᠭᠯᠡᠯᠳᠠᠢ ᠪᠠᠷ ᠬᠠᠮᠢᠶ᠎ᠠ ᠪᠦᠬᠦᠢ ᠪᠠᠶᠢᠭᠤᠯᠭ᠎ᠠ ᠠᠴᠠ ᠶᠠᠭ ᠬᠡᠷᠡᠭ ᠪᠣᠯᠭᠠᠨ | ᠬᠢᠨᠠᠨ ᠪᠠᠶᠢᠴᠠᠭᠠᠵᠣ ᠪᠠᠶᠢᠭ᠎ᠠ᠃ | 2. ᠨᠠᠮ ᠤᠨ ᠰᠠᠬᠢᠯᠭ᠎ᠠ ᠵᠠᠰᠠᠭ ᠤᠨ ᠶᠠᠪᠣᠳᠠᠯ ᠤᠨ ᠰᠢᠳᠭᠡᠯ ᠣᠯᠵᠣ ᠨᠦᠯᠦᠭᠡ ᠪᠦᠬᠦᠢ ᠬᠤᠭᠤᠴᠠᠭ᠎ᠠ ᠨᠢ | ᠦᠩᠭᠡᠷᠡᠭᠡᠳᠦᠢ᠃ | 3. ᠵᠠᠰᠠᠭ ᠵᠠᠬᠢᠷᠭᠠᠨ ᠤ ᠰᠢᠳᠭᠡᠯ ᠣᠯᠵᠣ᠂ ᠮᠠᠭᠤ ᠨᠦᠯᠦᠭᠡ ᠦᠵᠡᠭᠦᠯᠦᠭᠰᠡᠨ᠃ | 4. ᠶᠠᠯ᠎ᠠ ᠬᠢᠭᠰᠡᠨ ᠰᠡᠵᠢᠭᠯᠡᠯᠳᠡᠢ ᠪᠠᠷ ᠪᠠᠶᠢᠴᠠᠭᠠᠬᠤ ᠬᠤᠷᠢᠶ᠎ᠠ ᠠᠴᠠ ᠵᠠᠭᠠᠯᠳᠣᠭᠰᠠᠨ ᠪᠣᠶᠣ ᠶᠠᠯ᠎ᠠ ᠪᠣᠯᠵᠣ ᠪᠦᠷᠢᠯᠳᠦᠨ | ᠰᠢᠬᠦᠬᠦ ᠬᠤᠷᠢᠶᠠᠨ ᠠᠴᠠ ᠡᠷᠡᠭᠦᠦ ᠶᠢᠨ ᠬᠠᠣᠯᠢ ᠪᠠᠷ ᠰᠢᠳᠭᠡᠭᠰᠡᠨ᠃ | 5. ᠣᠶᠢᠷ᠎ᠠ ᠶᠢᠨ ᠭᠤᠷᠪᠠᠨ ᠵᠢᠯ ᠳᠤ ᠪᠣᠳᠠᠳᠣ ᠦᠷ᠎ᠡ ᠪᠦᠲᠦᠮᠵᠢ ᠶᠢᠨ ᠬᠢᠨᠠᠨ ᠰᠢᠯᠭᠠᠯᠳᠠ ᠳᠤ ︽ᠦᠨᠳᠦᠰᠦᠨ | ᠳᠡᠭᠡᠨ ᠬᠢᠷᠢ ᠲᠡᠩᠴᠡᠭᠰᠡᠨ︾ ᠪᠣᠶᠣ ᠡᠭᠦᠨ ᠠᠴᠠ ᠲᠣᠷᠣᠭᠰᠢᠬᠢ ᠬᠢᠨᠠᠨ ᠳ᠋ᠦᠩᠨᠡᠯᠳᠡ ᠣᠯᠣᠭᠰᠠᠨ᠃ | 6. ᠬᠠᠮᠢᠶ᠎ᠠ ᠪᠦᠬᠦᠢ ᠰᠠᠯᠠᠭ᠎ᠠ ᠮᠦᠴᠢᠷ ᠲᠤ ︽ᠢᠳᠡᠭᠡᠯ ᠠᠯᠳᠠᠭᠰᠠᠨ︾ ᠢᠶᠠᠷ ᠲᠣᠭᠳᠠᠭᠠᠭᠳᠠᠭᠰᠠᠨ᠃ | ᠭᠤᠷᠪᠠ᠂ ᠬᠡᠷᠡᠭᠵᠢᠭᠦᠯᠬᠦ ᠠᠯᠬᠤᠮ ᠳᠠᠷᠠᠭ᠎ᠠ | ᠡᠯ᠎ᠡ ᠰᠣᠮᠣ ᠪᠠᠯᠭᠠᠰᠣᠨ ᠤ ᠨᠠᠮ ᠤᠨ ᠬᠤᠷᠢᠶ᠎ᠠ᠂ ᠬᠤᠰᠢᠭᠤ ᠰᠢᠭᠤᠳ ᠬᠠᠷᠢᠶ᠎ᠠ ᠡᠯ᠎ᠡ ᠰᠠᠯᠠᠭ᠎ᠠ ᠮᠦᠴᠢᠷ ᠤᠨ ᠨᠠᠮ | ᠤᠨ ᠬᠤᠷᠢᠶ᠎ᠠ ︵ᠨᠠᠮ ᠤᠨ ᠳᠣᠭᠤᠶᠢᠯᠠᠩ︶ ᠭᠤᠶᠣᠴᠢᠯᠠᠨ ᠮᠡᠳᠡᠭᠦᠯᠬᠦ᠂ ᠠᠩᠬᠠᠨ ᠤ ᠬᠢᠨᠠᠯᠳᠠ ᠬᠢᠬᠦ ᠠᠵᠢᠯ ᠢ | ᠬᠠᠷᠢᠭᠤᠴᠠᠬᠤ ᠶᠢᠨ ᠬᠠᠮᠳᠣ ᠬᠤᠰᠢᠭᠤ ︽ᠠᠷᠢᠭᠤᠨ ᠴᠢᠭᠡᠴᠢ ᠺᠠᠳ᠋ᠷ︾ ᠢ ᠰᠣᠩᠭᠤᠬᠤ ᠠᠵᠢᠯ ᠤᠨ ᠣᠳᠣᠷᠢᠳᠬᠤ | ᠳᠣᠭᠤᠶᠢᠯᠠᠩ ᠤᠨ ᠠᠯᠪᠠᠨ ᠭᠡᠷ ᠲᠤ ᠮᠡᠳᠡᠭᠦᠯᠦᠨ ᠬᠢᠨᠠᠭᠤᠯᠵᠣ᠂ ᠬᠤᠰᠢᠭᠤ ︽ᠠᠷᠢᠭᠤᠨ ᠴᠢᠭᠡᠴᠢ ᠺᠠᠳ᠋ᠷ︾ ᠢ | ᠰᠣᠩᠭᠤᠬᠤ ᠠᠵᠢᠯ ᠤᠨ ᠣᠳᠣᠷᠢᠳᠬᠤ ᠳᠣᠭᠤᠶᠢᠯᠠᠩ ᠳᠤ ᠮᠡᠳᠡᠭᠦᠯᠦᠨ ᠬᠢᠨᠠᠭᠤᠯᠣᠭᠰᠠᠨ ᠤ ᠳᠠᠷᠠᠭ᠎ᠠ 2018 ᠣᠨ | ᠤ ︽ᠠᠷᠢᠭᠤᠨ ᠴᠢᠭᠡᠴᠢ ᠺᠠᠳ᠋ᠷ︾ ᠤᠨ ᠨᠡᠷᠡᠰ ᠢ ᠭᠠᠷᠭᠠᠵᠣ᠂ ᠰᠣᠨᠢᠨ ᠮᠡᠳᠡᠭᠡ ᠵᠠᠭᠤᠴᠢᠯᠠᠭᠤᠷ ᠢᠶᠠᠷ ᠳᠠᠮᠵᠢᠨ | ᠨᠡᠶᠢᠳᠡᠯᠡᠨ᠎ᠡ᠃ ᠬᠤᠰᠢᠭᠤ᠂ ᠰᠣᠮᠣ ᠪᠠᠯᠭᠠᠰᠣ᠂ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠪᠠᠰᠠ | ᠨᠡᠶᠢᠳᠡᠯᠡᠭᠰᠡᠨ ᠨᠡᠷᠡᠰ ᠢ ᠭᠤᠷᠪᠠᠨ ᠱᠠᠳᠣᠨ ᠳᠤ ᠵᠡᠷᠭᠡᠪᠡᠷ ᠨᠡᠶᠢᠳᠡᠯᠡᠨ᠎ᠡ᠃ | ᠨᠡᠶᠢᠳᠡᠯᠡᠬᠦ ᠬᠤᠭᠤᠴᠠᠭᠠᠨ ᠳᠤ᠂ ᠬᠤᠰᠢᠭᠤ ᠰᠠᠬᠢᠯᠭ᠎ᠠ ᠪᠠᠳᠣ ᠪᠠᠶᠢᠴᠠᠭᠠᠬᠤ ᠬᠤᠷᠢᠶ᠎ᠠ ᠨᠢ ᠢᠯᠡᠴᠢᠯᠡᠨ ᠵᠠᠭᠠᠯᠳᠣᠬᠤ | ᠣᠳᠠᠰᠣ ᠭᠠᠷᠭᠠᠵᠣ᠂ ᠨᠡᠶᠢᠭᠡᠮ ᠤᠨ ᠡᠯ᠎ᠡ ᠡᠳᠡᠭᠡᠳ ᠤᠨ ᠬᠠᠮᠳᠣ ᠶᠢᠨ ᠬᠢᠨᠠᠯᠳᠠ ᠶᠢ ᠬᠦᠯᠢᠶᠡᠵᠦ᠂ ᠵᠠᠭᠠᠯᠳᠣᠯᠭ᠎ᠠ ᠶᠢ | ᠬᠦᠯᠢᠶᠡᠨ ᠠᠪᠣᠨ᠎ᠠ᠃ ᠵᠠᠭᠠᠯᠳᠣᠭᠰᠠᠨ ᠬᠦᠮᠦᠨ ᠤ ᠨᠢᠭᠤᠴᠠ ᠶᠢ ᠴᠢᠩᠭ᠎ᠠ ᠬᠠᠮᠠᠭᠠᠯᠠᠵᠣ᠂ ᠦᠰᠢᠶ᠎ᠡ ᠬᠠᠷᠢᠭᠤ ᠠᠪᠬᠤ | ᠵᠣᠷᠢᠯᠭ᠎ᠠ ᠪᠠᠷ ᠬᠤᠳᠠᠯ ᠬᠠᠭᠤᠷᠮᠠᠭ ᠢᠶᠠᠷ ᠵᠠᠭᠠᠯᠳᠣᠭᠰᠠᠨ ᠪᠠᠶᠢᠪᠠᠯ᠂ ᠪᠠᠶᠢᠴᠠᠭᠠᠨ ᠳᠣᠳᠣᠯᠠᠭᠰᠠᠨ ᠤ ᠳᠠᠷᠠᠭ᠎ᠠ | ᠵᠠᠭᠠᠯᠳᠣᠭᠰᠠᠨ ᠬᠦᠮᠦᠨ ᠠᠴᠠ ᠴᠢᠩᠭ᠎ᠠ ᠬᠠᠷᠢᠭᠤᠴᠠᠯᠭ᠎ᠠ ᠨᠡᠭᠡᠮᠵᠢᠯᠡᠨ᠎ᠡ᠃ ᠬᠤᠰᠢᠭᠤ ᠰᠠᠬᠢᠯᠭ᠎ᠠ ᠪᠠᠳᠣ ᠬᠢᠨᠠᠨ | ᠪᠠᠶᠢᠴᠠᠭᠠᠬᠤ ᠬᠤᠷᠢᠶᠠᠨ ᠤ ᠬᠢᠨᠠᠯᠳᠠ ᠲᠠᠯᠪᠢᠨ ᠢᠯᠡᠴᠢᠯᠡᠨ ᠵᠠᠭᠠᠯᠳᠣᠬᠤ ᠣᠳᠠᠰᠣ᠄ 0479 — 7215376 | | | ᠰᠦᠨᠢᠳ ᠪᠠᠷᠠᠭᠤᠨ ᠬᠤᠰᠢᠭᠤᠨ ᠤ ︽ᠠᠷᠢᠭᠤᠨ ᠴᠢᠭᠡᠴᠢ ᠺᠠᠳ᠋ᠷ︾ ᠢ | ᠰᠣᠩᠭᠤᠬᠤ ᠣᠳᠣᠷᠢᠳᠬᠤ ᠳᠣᠭᠤᠶᠢᠯᠠᠩ ᠤᠨ ᠠᠯᠪᠠᠨ ᠭᠡᠷ | 2018 ᠣᠨ ᠤ 10 ᠰᠠᠷ᠎ᠠ ᠶᠢᠨ | 29 ᠤ ᠡᠳᠦᠷ |