ᠮᠠᠨ  ᠤ ᠬᠤᠰᠢᠭᠤᠨ  ᠤ ᠲᠦᠯᠦᠬᠡᠯᠡᠭᠴᠢ ᠶᠢᠨ ᠪᠦᠯᠬᠦᠮ ᠲᠡᠯᠡᠬᠡᠢ ᠶᠢᠨ ᠰᠤᠶᠤᠯ ᠤᠷᠠᠯᠢᠭ ᠤᠨ ᠰᠤᠯᠢᠯᠴᠠᠭᠠᠨ ᠤ ᠲᠤᠭᠯᠠᠯᠳᠠ ᠳᠤ ᠮᠠᠩᠯᠠᠶᠢᠯᠠᠪᠠ
ᠨᠡᠶᠢᠲᠡᠯᠡᠭᠰᠡᠨ ᠴᠠᠭ᠄
2017/6/7
       ᠦᠢᠷ᠎ᠠ ᠳᠤ᠂  ᠮᠠᠨ ᠤ ᠬᠤᠰᠢᠭᠤᠨ ᠤ ᠰᠠᠢ ᠺᠠᠩ ᠯᠧ ᠪᠡᠶ᠎ᠡ ᠴᠢᠬᠢᠷᠠᠭᠵᠢᠭᠤᠯᠬᠤ ᠲᠦᠪ ᠤᠨ 26 ᠲᠤᠭᠯᠠᠭᠴᠢ 《 ᠲᠡᠯᠡᠬᠡᠢ ᠶᠢᠨ ᠶᠡᠭᠡ  ᠪᠦᠵᠢᠭ ᠤᠨ ᠲᠡᠪᠴᠡᠩ》 ᠤᠨ ᠤᠷᠢᠯᠭ᠎ᠠ ᠪᠠᠷ ᠦᠪᠦᠷ ᠮᠤᠩᠭᠤᠯ ᠤᠷᠤᠨ  ᠢᠶᠠᠨ ᠲᠦᠯᠦᠬᠡᠯᠡᠨ ᠲᠠᠶᠢᠯᠠᠨᠲ ᠤᠯᠤᠰ ᠲᠤ ᠤᠴᠢᠵᠤ᠂ ᠲᠡᠯᠡᠬᠡᠢ ᠶᠢᠨ ᠰᠤᠶᠤᠯ ᠤᠷᠠᠯᠢᠭ ᠤᠨ ᠰᠤᠯᠢᠯᠴᠠᠭᠠᠨ ᠤ ᠲᠤᠭᠯᠠᠯᠳᠠ ᠳᠤ ᠤᠷᠤᠯᠴᠠᠪᠠ᠃ᠲᠠᠶᠢᠯᠠᠨᠲ ᠶᠢᠨ ᠨᠡᠶᠢᠰᠯᠡᠯ ᠪᠠᠩᠺᠦᠺ ᠲᠠᠬᠢ ᠲᠡᠯᠡᠬᠡᠢ ᠶᠢᠨ ᠵᠦᠴᠦᠬᠡ ᠶᠢᠨ ᠬᠦᠷᠢᠶᠡᠯᠡᠩ ᠳᠤ ᠪᠤᠯᠤᠭᠰᠠᠨ ᠲᠤᠰ ᠤᠳᠠᠭᠠᠨ ᠤ ᠲᠤᠭᠯᠠᠯᠳᠠ ᠳᠤ ᠪᠦᠬᠦ ᠤᠯᠤᠰ ᠤᠨ 18 ᠮᠤᠵᠢ ᠤᠷᠤᠨ ᠤ ᠲᠦᠯᠦᠬᠡᠯᠡᠭᠴᠢ ᠶᠢᠨ ᠪᠦᠯᠬᠦᠮ ᠲᠤᠭᠯᠠᠯᠳᠠ ᠭᠠᠷᠭᠠᠵᠤ᠂ ᠮᠠᠨ ᠤ ᠬᠤᠰᠢᠭᠤᠨ ᠤ ᠲᠦᠯᠦᠬᠡᠯᠡᠭᠴᠢ ᠶᠢᠨ ᠪᠦᠯᠬᠦᠮ ︿ᠤᠰᠤᠨ ᠴᠡᠷᠢᠭ ᠤᠨ ᠪᠦᠵᠢᠭ﹀ ᠬᠡᠮᠡᠬᠦ ᠲᠤᠭᠯᠠᠯᠳᠠ ᠪᠠᠷ ᠢᠶᠠᠨ ᠮᠠᠩᠯᠠᠶᠢᠯᠠᠭᠰᠠᠨ ᠪᠠᠶᠢᠨ᠎ᠠ᠃        ᠺᠠᠩ ᠰᠠᠢ ᠯᠧ ᠪᠡᠶ᠎ᠡ ᠴᠢᠬᠢᠷᠠᠭᠵᠢᠭᠤᠯᠬᠤ ᠲᠦᠪ ᠪᠠᠶᠢᠭᠤᠯᠤᠭᠳᠠᠭᠠᠳ14 ᠵᠢᠯ ᠪᠤᠯᠵᠤ ᠪᠤᠢ᠃ ᠠᠩᠬ᠎ᠠ ᠪᠠᠶᠢᠭᠤᠯᠤᠭᠳᠠᠬᠤ ᠦᠶ᠎ᠡ   ᠳᠤ ᠠᠷᠪᠠᠨ ᠬᠡᠳᠤᠬᠡᠨ ᠬᠦᠮᠤᠨ ᠲᠠᠢ ᠪᠠᠶᠢᠭᠰᠠᠨ ᠠᠴᠠ ᠪᠠᠨ ᠤᠳᠤ 500 ᠭᠠᠷᠤᠢ ᠬᠦᠮᠤᠨ ᠲᠠᠢ ᠪᠤᠯᠵᠠᠢ᠃  ᠮᠦᠨ ᠴᠤ ᠤᠷᠤᠨ᠂ ᠠᠶᠢᠮᠠᠭ᠂ ᠬᠤᠰᠢᠭᠤ ᠲᠡᠰ ᠤᠨ ᠤᠷᠤᠯᠳᠤᠭᠠᠨ ᠳᠤ ᠤᠯᠠᠨᠳᠠ ᠤᠷᠤᠯᠴᠠᠵᠤ᠂ ᠰᠢᠯᠢᠳᠡᠭ ᠬᠢᠷᠢ ᠪᠦᠳᠦᠮᠵᠢ ᠡᠬᠦᠳᠦᠨ᠂ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠠᠵᠢᠯᠯᠠᠭᠠᠨ  ᠳᠤ ᠬᠤᠪᠢ ᠨᠡᠮᠡᠷᠢ ᠪᠠᠨ ᠦᠵᠡᠬᠦᠯᠦᠭᠰᠡᠬᠡᠷ ᠪᠤᠢ᠃                                                      ︵ᠤᠶᠤᠨᠪᠢᠷ᠂ ᠳ᠋ᠦ᠋ ᠰᠢᠶᠤᠤ ᠯᠥᠩ︶
 
ᠢᠷᠡᠯᠲᠡ᠄ ᠷᠠᠳᠢᠤ᠋ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号