ᠮᠠᠯᠴᠢᠨ ᠭᠦᠮᠤᠨ ᠲᠠᠪᠤᠨ ᠬᠤᠰᠢᠭᠤ ᠮᠠᠯ ᠢᠶᠠᠨ ᠡᠯᠳᠡᠪ ᠶᠠᠩᠵᠤ ᠪᠠᠷ ᠬᠠᠷᠢᠶᠠᠬᠤ ᠶᠢ ᠴᠡᠭᠡᠷᠯᠠᠳᠡᠭ
ᠨᠡᠶᠢᠲᠡᠯᠡᠭᠰᠡᠨ ᠴᠠᠭ᠄
2017/6/30
       ᠲᠠᠪᠤᠨ  ᠬᠤᠰᠢᠭᠤ ᠮᠠᠯ ᠨᠢ ᠮᠠᠯ ᠲᠠᠵᠢᠭᠡᠪᠤᠷᠢ ᠪᠤᠯᠤᠭᠰᠠᠨ ᠠᠴᠠ ᠠᠪᠤᠭᠠᠤᠨ ᠮᠠᠯᠴᠢᠳ ᠤᠨ  ᠠᠮᠢᠳᠤᠷᠠᠯ ᠤᠨ ᠡᠭᠢ ᠰᠤᠷᠪᠤᠯᠵᠢ᠂ ᠠᠰᠢᠭ ᠤᠷᠤᠯᠭ᠎ᠠ ᠶᠢᠨ ᠦᠨᠳᠤᠰᠤᠨ ᠰᠠᠭᠤᠷᠢ  ᠪᠤᠯᠤᠭᠰᠠᠭᠠᠷ ᠢᠷᠡᠪᠠ᠃ ᠮᠤᠩᠭᠤᠯᠴᠤᠳ ᠵᠦᠪᠭᠡᠨ  ᠲᠠᠪᠤᠨ ᠬᠤᠰᠢᠭᠤ ᠮᠠᠯ ᠢᠶᠠᠨ ᠲᠦᠰᠢᠭᠯᠡᠨ  ᠠᠵᠤ ᠲᠦᠷᠦᠨ ᠠᠮᠢᠳᠤᠷᠠᠵᠤ ᠢᠷᠡᠭᠰᠡᠨ ᠲᠠᠤᠭᠡ ᠲᠠᠢ ᠶᠤᠮ᠃ ᠡᠶᠢᠮᠤ ᠠᠴᠠ ᠮᠠᠯᠴᠢᠨ ᠭᠦᠮᠤᠨ ᠮᠠᠯ ᠰᠦᠷᠦᠭ ᠢᠶᠠᠨ ᠡᠯᠳᠡᠪ  ᠪᠤᠰᠤ ᠪᠠᠷ ᠵᠦᠭᠡᠭᠡᠨ ᠬᠠᠷᠢᠶᠠᠬᠤ  ᠶᠢ ᠤᠨᠴᠠ ᠴᠡᠭᠡᠷᠯᠡᠳᠡᠭ᠃  ᠳᠤᠬᠠᠢᠢᠯᠠᠪᠠᠯ ᠲᠠᠮᠡᠭᠡ ᠶᠢ ᠭᠦᠭᠡ ᠰᠢᠷᠢ ᠭᠡᠵᠤ ᠮᠤᠷᠢ ᠶᠢ ᠰᠠᠭᠠᠷᠢ ᠭᠡᠵᠤ᠂ ᠦᠭᠡᠷ ᠢ ᠰᠢᠷᠢ᠂ ᠭᠤᠳᠤᠷᠠᠩ ᠭᠡᠵᠤ᠂ ᠬᠤᠨᠢ ᠶᠢ  ᠭᠠᠳᠠᠶᠢᠷ᠂ ᠢᠮᠠᠭ᠎ᠠ ᠶᠢ ᠭᠤᠷᠭᠢᠷᠠᠭ᠎ᠠ᠂ ᠬᠠᠮᠠᠭᠤ ᠭᠡᠭᠦ ᠮᠠᠳᠤ ᠦᠭᠡ ᠪᠠᠷ ᠬᠠᠷᠢᠶᠠᠬᠤ ᠨᠢ ᠮᠠᠯᠴᠢᠨ ᠭᠦᠮᠤᠨ ᠤ ᠬᠠᠮᠤᠭ ᠠᠴᠠ ᠭᠢᠴᠢᠶᠠᠳᠡᠭ ᠴᠡᠭᠡᠷ ᠦᠭᠡᠰ ᠪᠠᠶᠢᠭ᠎ᠠ ᠶᠤᠮ᠃  ᠲᠠᠭᠡᠷᠡᠭᠢ ᠮᠠᠳᠤ  ᠶᠢᠨ ᠦᠭᠡᠰ ᠢ ᠴᠡᠭᠡᠷᠯᠡᠳᠡᠭ ᠤᠴᠢᠷ ᠢ ᠭᠡᠯᠡᠪᠡᠯ ᠲᠠᠮᠠᠭᠡᠨ ᠤ ᠠᠷᠠᠰᠤ ᠶᠢ ᠲᠦᠭᠦᠭᠡᠢ ᠪᠠᠷ ᠨᠢ ᠭᠦᠭᠡ  ᠰᠢᠷᠢ ᠭᠡᠳᠡᠭ᠃ ᠭᠦᠮ ᠰᠠᠭᠤᠷᠢ ᠵᠡᠷᠭᠡ ᠶᠢᠨ ᠮᠠᠬᠠᠢ ᠭᠤᠳᠤᠯ ᠤᠶᠤᠬᠤ ᠳᠤ ᠵᠠᠯᠭᠠᠬᠤ ᠬᠠᠪᠴᠢᠶᠠᠷᠠᠢ ᠤᠷᠤᠭᠤᠯᠬᠤ ᠪᠠ  ᠬᠠᠮᠠᠷ ᠪᠤᠷᠪᠢᠨ ᠳᠤ ᠨᠢ ᠬᠠᠳᠠᠵᠤ ᠪᠠᠭᠢᠯᠢᠭ᠌ ᠮᠦᠷᠳᠡᠭᠡᠨ ᠭᠤᠶᠤᠯᠠᠯ ᠪᠤᠯᠭᠠᠳᠠᠭ ᠨᠢᠮᠭᠡᠨ ᠰᠠᠭᠤᠷᠢ ᠶᠢ ᠮᠤᠷᠢᠨ ᠤ ᠠᠷᠠᠰᠤ ᠪᠠᠷ  ᠭᠢᠳᠡᠭ ᠶᠤᠮ᠃ ᠲᠠᠭᠡᠪᠡᠯ ᠦᠭᠡᠷ ᠤᠨ ᠠᠷᠠᠰᠤ ᠶᠢ ᠰᠢᠷᠢ ᠭᠡᠵᠤ ᠭᠡᠯᠡᠳᠡᠭ ᠤᠴᠢᠷ ᠠᠴᠠ ᠡᠨᠡ ᠭᠤᠷᠪᠠᠨ ᠲᠦᠷᠦᠯ ᠤᠨ  ᠮᠠᠯ ᠤᠨ ᠠᠷᠠᠰᠤ ᠲᠠᠢ ᠨᠢ ᠰᠢᠭᠤᠳ ᠬᠤᠯᠪᠤᠭᠳᠠᠭᠰᠠᠨ ᠬᠠᠷᠢᠶᠠᠯ ᠤᠨ ᠨᠠᠷ᠎ᠠ ᠦᠭᠡᠰ ᠪᠤᠯᠬᠤᠷ ᠡᠳᠡᠭᠡᠷ ᠢ ᠭᠡᠯᠡᠵᠤ ᠬᠠᠷᠢᠶᠠᠬᠤ   ᠶᠢ ᠴᠡᠭᠡᠷᠯᠡᠨ᠎ᠠ᠃        ᠪᠤᠭ ᠮᠠᠯ ᠳᠤ ᠪᠠᠨ ᠭᠡᠯᠡᠭᠦ ᠬᠠᠷᠢᠶᠠᠯ ᠦᠭᠡ ᠨᠢ ᠪᠤᠯ ᠪᠦᠷ ᠮᠠᠯ ᠤᠨ ᠬᠠᠮᠤᠭ ᠭᠦᠨᠳᠤ᠂ ᠬᠠᠮᠤᠭ ᠤᠨ ᠮᠠᠭᠤ ᠭᠢᠵᠢᠭ  ᠡᠪᠡᠳᠴᠢᠨ ᠤ ᠨᠠᠷᠠᠰ ᠪᠤᠯᠤᠨ᠎ᠠ᠃ ᠵᠢᠱᠢᠶᠠᠯᠠᠪᠠᠯ ᠬᠤᠨᠢ ᠢᠮᠠᠭ᠎ᠠ ᠬᠠᠮᠤᠭᠤᠷᠠᠬᠤ ᠪᠠ ᠬᠤᠨᠢᠨ ᠳᠤ ᠭᠠᠳᠠᠶᠢᠷ ᠤᠷᠤᠬᠤ᠂  ᠢᠮᠠᠭᠠᠨ ᠳᠤ ᠭᠤᠷᠭᠢᠷᠠᠭ᠎ᠠ ︵ᠬᠠᠯᠠᠭᠤᠨ ᠭᠢᠵᠢᠭ︶ ᠤᠷᠤᠬᠤ ᠨᠢ ᠬᠠᠮᠤᠭ ᠤᠨ ᠭᠦᠨᠳᠤ ᠠᠶᠤᠯᠳᠠᠢ ᠮᠠᠭᠤ ᠡᠪᠡᠳᠴᠢᠨ ᠳᠤ  ᠳᠤᠭᠠᠴᠠᠭᠳᠠᠬᠤ ᠪᠦᠭᠡᠳ ᠦᠡᠭᠭᠡᠷᠡᠭᠰᠡᠨ ᠳᠤ ᠡᠶᠢᠮᠤ ᠭᠦᠨᠳᠤ ᠭᠡᠴᠡᠭᠦᠤ ᠭᠢᠵᠢᠭ ᠡᠪᠡᠳᠴᠢᠨ ᠳᠤ ᠲᠠᠭᠠᠷᠢᠭᠳᠠᠪᠠᠯ ᠮᠠᠯᠴᠢᠨ  ᠭᠦᠮᠤᠨ ᠤ ᠮᠠᠯ ᠢᠶᠠᠨ ᠪᠠᠷᠠᠵᠤ ᠬᠤᠳᠠ ᠪᠠᠨ ᠬᠠᠭᠠᠳᠠᠭ ᠨᠢ ᠴᠤ ᠤᠯᠠᠨ ᠭᠠᠷᠴᠤ ᠪᠠᠶᠢᠵᠠᠢ᠃ ᠡᠶᠢᠮᠤ ᠠᠴᠠ ᠮᠠᠯᠴᠢᠨ ᠭᠦᠮᠦᠰ ᠡᠳᠡᠭᠡᠷ ᠦᠭᠡ ᠪᠠᠷ ᠮᠠᠯ ᠢᠶᠠᠨ ᠬᠠᠷᠢᠶᠠᠬᠤ ᠶᠢ ᠤᠨᠴᠠ‌‍ᠴᠡᠭᠡᠷᠯᠡᠳᠡᠭ‌ᠤᠴᠢᠷ ᠲᠠᠢ ᠪᠠᠶᠢᠳᠠᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号