ᠨᠠᠶᠠᠭᠠᠳ ᠤᠨ ᠤ ᠰᠡᠬᠦᠯᠴᠢ ᠶᠡᠷᠡᠭᠡᠳ ᠤᠨ ᠤ ᠡᠬᠢᠨ ᠤ ᠲᠠᠸᠠᠷ ᠤᠨ ᠠᠵᠤ ᠠᠬᠤᠢ ᠶᠢᠨ ᠵᠠᠬ᠎ᠠ | ᠲᠡᠯᠭᠡᠬᠦᠷᠵᠢᠯᠳᠡ ᠶᠢᠨ ᠤᠷᠤᠰᠬᠠᠯ ᠨᠢ ᠲᠤᠮᠳᠠᠳᠤ ᠶᠢᠨ ᠡᠯ᠎ᠡ ᠬᠦᠷᠢᠶ᠎ᠡ ᠴᠠᠷᠡ ᠶᠢ ᠬᠦᠴᠦᠳᠠᠢ ᠨᠦᠯᠦᠭᠡᠯᠡᠵᠤ᠂ ᠪᠠᠷᠤᠭ | ᠪᠦᠬᠦ ᠨᠡᠶᠢᠭᠡᠮ ᠢᠶᠠᠷ ᠢᠶᠠᠨ ︽ᠵᠤᠭᠤᠰ︾ ᠭᠡᠰᠡᠨ ᠨᠢᠭᠡᠯᠡ ᠵᠤᠷᠢᠯᠳᠠ ᠵᠦᠭ ᠢᠪᠡᠷᠡᠨ ᠨᠤᠷᠠᠵᠤ ᠪᠠᠶᠢᠯ᠎ᠠ᠃ ᠡᠨᠡ | ᠤᠷᠤᠰᠬᠠᠯ ᠳᠤ ᠰᠤᠶᠤᠯ ᠤᠷᠠᠯᠢᠭ ᠤᠨ ᠬᠢᠨ ᠴᠦ ᠡᠷᠭᠡ ᠦᠭᠡᠢ ᠨᠦᠯᠦᠭᠡᠯᠡᠭᠳᠡᠵᠤ᠂ ᠲᠡᠤᠭᠡᠨ ᠠᠴᠠ ᠠᠪᠤᠭᠠᠳ | ᠠᠷᠠᠯᠵᠢᠶ᠎ᠡ ᠮᠠᠶᠢᠮᠠᠢ ᠲᠠᠢ ᠲᠡᠶᠢᠮᠦ ᠴᠦ ᠬᠤᠯᠪᠤᠭ᠎ᠠ ᠰᠦᠯᠪᠡᠭᠡ ᠪᠠᠶᠢᠳᠠᠭ ᠦᠭᠡᠢ ᠰᠤᠶᠤᠯ ᠤᠷᠠᠯᠢᠭ ᠤᠨ ᠬᠢᠨ ᠴᠦ ︽ | ᠢᠴᠢᠮᠡᠳᠡᠭᠡᠢ︾ ᠵᠠᠩ ᠪᠠᠨ ᠦᠭᠡᠷᠡᠴᠢᠯᠡᠵᠤ᠂ ᠬᠤᠶᠢᠨ᠎ᠠ ᠬᠤᠶᠢᠨ᠎ᠠ ᠠᠴᠠ ᠪᠠᠨ ︽ᠲᠠᠯᠠᠢ︾ ᠳᠤ ᠤᠷᠤᠵᠤ ︽ᠱᠢᠷᠦ | ᠰᠤᠪᠤᠳ︾ ᠲᠡᠬᠦᠵᠡᠭᠡᠭᠰᠡᠨ ᠪᠢᠯᠡ᠃ ᠲᠤᠮᠳᠠᠳᠤ ᠲᠠᠶᠠᠭᠠᠷ ᠠᠯᠳᠠᠷᠳᠠᠢ ᠵᠤᠬᠢᠶᠠᠯᠴᠢ ᠲᠤᠭᠯᠠᠭᠴᠢ ᠠᠴᠠ ᠠᠪᠤᠭᠠᠳ | ᠡᠭᠡᠯ ᠵᠢᠷ ᠤᠨ ᠪᠢᠴᠢᠭ ᠤᠨ ᠬᠦᠮᠦᠨ᠂ ᠲᠠᠭᠤᠴᠢ ᠪᠦᠵᠢᠭᠴᠢᠳ ᠬᠦᠷᠳᠠᠯ᠎ᠠ ᠠᠷᠠᠯᠵᠢᠶ᠎ᠡ ᠬᠤᠳᠠᠯᠳᠤᠭ᠎ᠠ ᠬᠠᠶᠢᠵᠤ | ᠡᠬᠢᠯᠡᠭᠰᠡᠨ ᠪᠢᠯᠡ᠃ ᠵᠠᠬ᠎ᠠ ᠲᠡᠯᠭᠡᠬᠦᠷ ᠤᠨ ᠨᠡᠯᠦᠭᠡᠷ ᠶᠡᠭᠡ ᠲᠠᠯᠠᠢ ᠳᠤ ᠤᠯᠠᠩᠬᠢ ᠬᠦᠮᠦᠰ ︽ᠤᠰᠤᠨ ᠳᠤ ᠴᠠᠴᠠᠵᠤ︾ | ᠬᠠᠶᠢᠷ᠎ᠠ ᠨᠠᠶᠢᠷ ᠦᠭᠡᠢ ᠬᠦᠴᠦᠳᠤ ᠲᠠᠪᠠᠯᠭᠠᠨ ᠳᠤ ︽ᠲᠠᠯᠠᠢ ᠶᠢᠨ ᠡᠷᠬᠢ︾ ᠳᠤ ᠲᠡᠯᠡᠰᠦᠭᠳᠡᠨ ᠭᠠᠷᠴᠦ ᠪᠠᠶᠢᠯ᠎ᠠ᠃ | ᠡᠨᠡᠬᠦ ᠨᠡᠶᠢᠭᠡᠮ ᠤᠨ ᠠᠵᠤ ᠠᠬᠤᠢ ᠶᠢᠨ ᠬᠦᠷᠢᠶᠠᠨ ᠳᠤ ᠶᠠᠪᠤᠭᠳᠠᠭᠰᠠᠨ ᠦᠭᠡᠷᠡᠴᠢᠯᠡᠯᠳᠡ ᠬᠤᠪᠢᠷᠡᠯᠳᠡ ᠨᠢ | ᠨᠡᠶᠢᠭᠡᠮ ᠤᠨ ᠦᠵᠡᠯ ᠤᠬᠠᠮᠰᠠᠷ ᠤᠨ ᠬᠦᠷᠢᠶᠡᠨ ᠳᠤ ᠴᠦ ᠲᠤᠰᠬᠠᠯ ᠢᠶᠠᠨ ᠤᠯᠵᠤ᠂ ᠨᠡᠶᠢᠭᠡᠮ ᠤᠨ ᠦᠷᠳᠡᠭ ᠤᠨ | ᠦᠵᠡᠯᠳᠡ᠂ ᠬᠦᠮᠦᠰ ᠤᠨ ᠬᠦᠰᠡᠯ ᠬᠦᠭᠡᠭᠡᠴᠡᠯᠳᠤᠯ ᠲᠦᠭᠡᠷᠢᠨ ᠪᠤᠳᠤᠯᠢᠵᠤ᠂ ᠶᠠᠭᠤ ᠵᠤᠷᠢᠵᠤ ᠶᠠᠭᠤᠨ ᠳᠤ | ᠲᠡᠮᠡᠤᠯᠡᠬᠦ ᠪᠠᠨ ᠤᠯᠵᠤ ᠶᠠᠳᠠᠭᠰᠠᠨ ᠪᠠᠶᠢᠳᠠᠯ ᠢᠯᠡᠷᠡᠵᠤ ᠪᠠᠶᠢᠵᠠᠢ᠃ ᠡᠨᠡ ᠨᠢ ᠲᠠᠯ᠎ᠠ ᠨᠤᠳᠤᠭ ᠤᠨ ᠦᠨᠴᠦᠭ | ᠪᠤᠯᠤᠩ ᠳᠤ ᠴᠦ ᠨᠦᠯᠦᠭᠡ ᠲᠤᠰᠬᠠᠯ ᠢᠶᠠᠨ ᠤᠯᠵᠤ᠂ ᠵᠠᠷᠢᠮ ᠤᠳᠤᠷᠢᠳᠤᠯᠭ᠎ᠠ ᠠᠴᠠ ᠡᠬᠢᠯᠡᠭᠡᠳ ᠲᠤᠭᠯᠠᠭᠴᠢ | ᠬᠦᠷᠳᠡᠯ᠎ᠠ ᠤᠷᠮ᠎ᠠ ᠵᠤᠷᠢᠭ ᠬᠠᠷᠢᠵᠤ ︽ᠤᠯᠠᠭᠠᠨᠮᠦ᠋ᠴᠢᠷ ᠨᠢᠭᠡᠨᠳᠡ ᠲᠡᠤᠭᠡᠳᠤ ᠡᠬᠦᠷᠭᠡ ᠪᠠᠨ ᠬᠦᠢᠴᠡᠳᠭᠡᠵᠤ ᠪᠠᠷᠠᠭᠰᠠᠨ | ᠂ ᠰᠢᠨ᠎ᠠ ᠴᠠᠭ ᠦᠶ᠎ᠡ ᠳᠤ ᠡᠶᠢᠮᠦᠷᠬᠦ ᠤᠷᠠᠯᠢᠭ ᠤᠨ ᠪᠦᠯᠬᠦᠮ ᠭᠡᠷᠡᠭᠴᠡᠭᠡ ᠦᠭᠡᠢ ᠪᠤᠯᠤᠭᠰᠠᠨ︾ ᠭᠡᠬᠦ ᠦᠵᠡᠯᠳᠡ | ᠭᠠᠵᠠᠷ ᠠᠪᠴᠦ ᠪᠠᠶᠢᠯ᠎ᠠ᠃ ᠡᠶᠢᠮᠦᠷᠬᠦ ᠪᠠᠶᠢᠳᠠᠯ ᠲᠤᠤᠷ᠎ᠡ ᠤᠯᠠᠭᠠᠨᠮᠦ᠋ᠴᠢᠷ ᠤᠨ ᠬᠠᠮᠢᠶᠠᠷᠤᠯᠳᠠ ᠰᠤᠯᠠᠷᠠᠵᠤ᠂ ᠲᠤᠰᠬᠠᠢ | ᠮᠡᠷᠭᠡᠵᠢᠯ ᠤᠨ ᠪᠤᠯᠪᠠᠰᠤᠷᠠᠯ ᠠᠯᠳᠠᠷᠠᠵᠤ᠂ ᠤᠯᠠᠭᠠᠨᠮᠦ᠋ᠴᠢᠷ ᠤᠨ ᠦᠭᠡᠷᠡᠴᠢᠯᠡᠯᠳᠡ ᠶᠢ ᠬᠢᠵᠤ ᠪᠠᠶᠢᠨ᠎ᠠ ᠭᠡᠮᠡᠨ | ᠤᠯᠠᠭᠠᠨᠮᠦ᠋ᠴᠢᠷ ᠤᠨ ᠲᠠᠷᠤᠭ᠎ᠠ ᠶᠢ ᠤᠷᠢᠵᠤ ᠭᠡᠷᠡᠭᠯᠡᠬᠦ ᠲᠦᠷᠢᠮ ᠢᠶᠠᠷ ᠲᠠᠷᠤᠭ᠎ᠠ ᠨᠢ ᠡᠳᠤᠷ ᠤᠨ ᠮᠠᠷᠭᠠᠰᠢ ᠰᠤᠯᠢᠭᠳᠠᠵᠤ | ᠪᠠᠶᠢᠭᠰᠠᠨ ᠴᠦ ᠲᠠᠮᠫᠤᠷᠠᠭᠰᠠᠨ ᠪᠠᠶᠢᠳᠠᠯ ᠢ ᠬᠤᠪᠢᠷᠠᠭᠤᠯᠵᠤ ᠴᠢᠳᠠᠭᠰᠠᠨ ᠦᠭᠡᠢ ᠮᠦᠷᠳᠡᠭᠡᠨ 70% ᠶᠢᠨ ᠵᠦᠷᠢᠶᠡᠳᠤ | ᠴᠠᠯᠢᠩ ᠤᠨ ᠲᠦᠷᠢᠮ ᠨᠢ ᠲᠤᠭᠯᠠᠭᠴᠢᠳ ᠤᠨ ᠢᠳᠡᠪᠬᠢᠵᠢᠯ ᠢ ᠶᠡᠭᠡᠳᠡ ᠨᠦᠯᠦᠭᠡᠯᠡᠵᠤ᠂ ᠠᠮᠢ ᠪᠠᠨ ᠠᠷᠭᠠᠴᠠᠬᠤ | ᠦᠭᠡᠷ᠎ᠡ ᠠᠷᠭ᠎ᠠ ᠵᠠᠮ ᠬᠠᠶᠢᠵᠤ ᠪᠠᠶᠢᠪᠠ᠃ ᠬᠤᠰᠢᠭᠤ ᠵᠠᠰᠠᠭ ᠨᠢ ᠴᠦ ᠬᠠᠮᠢᠶᠠᠷᠤᠯᠳᠠ ᠪᠠᠨ ᠰᠤᠯᠠᠷᠠᠭᠤᠯᠵᠤ | ᠤᠯᠠᠭᠠᠨᠮᠦ᠋ᠴᠢᠷ ᠢ ᠵᠠᠬ᠎ᠠ ᠲᠠᠯᠭᠡᠬᠦᠷ ᠲᠤ ᠬᠠᠶᠠᠵᠤ ᠦᠭᠬᠦᠭᠰᠡᠨ ᠠᠴᠠ ᠤᠯᠠᠭᠠᠨᠮᠦ᠋ᠴᠢᠷ ᠨᠢ ︽ᠲᠤᠭᠯᠠᠭᠴᠢ᠂ | ᠤᠬᠠᠭᠤᠯᠤᠭᠴᠢ᠂ ᠵᠢᠯᠤᠭᠤᠳᠤᠭᠴᠢ᠂ ᠤᠶᠢᠯᠡᠴᠢᠯᠡᠭᠴᠢ︾ ᠭᠡᠬᠦ ᠤᠳᠤᠮᠰᠢᠯ ᠢᠶᠠᠨ ᠠᠯᠳᠠᠬᠤ ᠳᠤ ᠬᠦᠷᠴᠦ᠂ ᠵᠠᠷᠢᠮ | ᠬᠦᠮᠦᠨ ᠤ ᠮᠦᠩᠬᠦ ᠬᠤᠷᠢᠶᠠᠬᠤ ᠪᠠᠭᠠᠵᠢ ᠰᠢᠬ ᠪᠤᠯᠵᠤ᠂ ᠤᠯᠠᠭᠠᠨᠮᠦ᠋ᠴᠢᠷ ᠢᠶᠠᠨ ᠲᠠᠭᠠᠭᠠᠯᠤᠨ ᠡᠮᠦᠨ᠎ᠡ ᠤᠷᠤᠨ ᠤ ᠡᠨᠡ | ᠲᠡᠷᠡ ᠬᠤᠳᠠ ᠪᠠᠷ ᠤᠯᠵᠡ ᠬᠠᠶᠢᠵᠤ ᠴᠦ ᠦᠩᠭᠡᠷᠡᠭᠰᠡᠨ ᠠᠵᠠᠢ᠃ | ᠭᠡᠬᠦ ᠳᠡᠭᠡᠨ ︽ᠬᠦᠩᠭᠡᠨ ᠠᠪᠰᠠᠷ ᠵᠤᠬᠢᠶᠠᠨ ᠪᠠᠶᠢᠭᠤᠯᠤᠳᠠ᠂ ᠨᠢᠭᠡ ᠳᠤ ᠮᠡᠷᠭᠡᠰᠢᠵᠤ᠂ ᠤᠯᠠᠨ ᠳᠤ | ᠴᠠᠭᠠᠷᠠᠭᠰᠠᠨ︾ ᠦᠪᠡᠷᠮᠢᠴᠡ ᠤᠨᠴᠠᠯᠢᠭ ᠢᠶᠠᠷ ᠢᠶᠠᠨ ᠨᠢᠭᠡᠨ ᠦᠶ᠎ᠡ ᠲᠤᠮᠳᠠᠳᠤ ᠲᠠᠶᠠᠭᠠᠷ ᠢ ᠲᠤᠷᠬᠢᠭᠤᠯᠤᠭᠰᠠᠨ ︽ | ᠲᠠᠯ᠎ᠠ ᠨᠤᠳᠤᠭ ᠤᠨ ᠬᠦᠩᠭᠡᠨ ᠮᠤᠷᠢᠳᠤ ᠴᠡᠷᠢᠭ︾ ᠢ ᠬᠦᠮᠦᠰ ᠮᠠᠷᠳᠠᠭ᠎ᠠ ᠦᠭᠡᠢ ᠯᠡ ᠪᠠᠶᠢᠯ᠎ᠠ᠃ ᠶᠠᠭᠠᠬᠢᠬᠤ ᠪᠠᠷ ᠢᠶᠠᠨ | ᠮᠠᠷᠳᠠᠳᠠᠭ ᠦᠭᠡᠢ ᠶᠤᠮ︖ ᠭᠡᠪᠡᠯ ᠲᠤᠮᠳᠠᠳᠤ ᠶᠢᠨ ᠦᠷᠭᠡᠨ ᠲᠡᠯᠭᠡᠷ ᠤᠷᠠᠯᠢᠭ ᠤᠨ ᠲᠠᠶᠢᠰᠠᠨ ᠳᠤ ᠲᠡᠬᠦᠨ ᠤ | ᠦᠪᠡᠷ ᠤᠨ ᠬᠢᠨᠢ ᠤᠷᠤᠨ ᠵᠠᠢ ᠤᠷᠤᠰᠢᠭᠰᠠᠭᠠᠷ ᠭᠡᠳᠡᠭ ᠲᠤ ᠪᠠᠶᠢᠭ᠎ᠠ ᠶᠤᠮ᠃ 1996 ᠤᠨ ᠤ 9 ᠰᠠᠷ᠎ᠠ ᠳᠤ | ᠲᠦᠪ ᠤᠨ ᠲᠧᠯᠸᠢᠰ ᠬᠤᠷᠢᠶ᠎ᠠ ᠰᠦᠨᠢᠳ ᠪᠠᠷᠠᠭᠤᠨ ᠬᠤᠰᠢᠭᠤᠨ ᠳᠤ ᠢᠷᠡᠵᠤ ᠰᠦᠨᠢᠳ ᠪᠠᠷᠠᠭᠤᠨ ᠬᠤᠰᠢᠭᠤᠨ ᠤ | ᠤᠯᠠᠭᠠᠨᠮᠦ᠋ᠴᠢᠷ ᠤᠨ ᠲᠦᠴᠢᠨ ᠵᠢᠯ ᠤᠨ ᠤᠯᠠ ᠮᠦᠷ ᠢ ᠬᠠᠷᠠᠭᠤᠯᠤᠭᠰᠠᠨ ︽ᠲᠠᠯ᠎ᠠ ᠨᠤᠳᠤᠭ ᠤᠨ ᠬᠦᠩᠭᠡᠨ ᠮᠤᠷᠢᠳᠤ | ᠴᠡᠷᠢᠭ - ᠤᠯᠠᠭᠠᠨᠮᠦ᠋ᠴᠢᠷ︾ ᠭᠡᠬᠦ ᠲᠤᠮᠦ ᠭᠡᠯᠪᠡᠷᠢ ᠶᠢᠨ ᠲᠤᠰᠬᠠᠢ ᠹᠢᠯᠢᠮ ᠰᠡᠬᠦᠳᠡᠷᠯᠡᠨ ᠤᠶᠢᠯᠡᠳᠴᠡᠢ᠃ ᠲᠠᠷᠠᠭ᠎ᠠ | ᠵᠢᠯ ᠤᠨ ᠬᠢᠨᠢ ᠡᠬᠢᠨ ᠳᠤ ᠦᠪᠡᠷᠳᠡᠭᠡᠨ ᠵᠠᠰᠠᠬᠤ ᠤᠷᠤᠨ ᠤ ᠰᠤᠶᠤᠯ ᠤᠨ ᠲᠢᠩᠬᠢᠮ ᠤᠨ ᠤᠳᠤᠷᠢᠳᠤᠯᠭ᠎ᠠ ᠪᠤᠯᠤᠨ ︽ | ᠠᠷᠠᠳ ᠤᠨ ᠡᠳᠤᠷ ᠤᠨ ᠰᠤᠨᠢᠨ︾ ᠤ ᠰᠤᠷᠪᠤᠯᠵᠢᠯᠠᠭᠴᠢ ᠢᠷᠡᠵᠤ᠂ ᠤᠯᠠᠭᠠᠨᠮᠦ᠋ᠴᠢᠷ ᠤᠨ ᠪᠠᠶᠢᠳᠠᠯ ᠢ ᠤᠶᠢᠯᠠᠭᠠᠨ | ᠪᠠᠶᠢᠴᠠᠭᠠᠵᠠᠢ᠃ ᠬᠤᠰᠢᠭᠤ ᠵᠠᠰᠠᠭ ᠤᠨ ᠤᠷᠳᠤᠨ ᠨᠢ ᠴᠦ ᠤᠯᠠᠭᠠᠨᠮᠦ᠋ᠴᠢᠷ ᠤᠨ ᠦᠭᠡᠷᠡᠴᠢᠯᠡᠯᠳᠡ ᠶᠢ ᠬᠡᠷᠬᠢᠨ ᠬᠢᠬᠦ | ᠲᠤᠬᠠᠢ ᠲᠠᠷᠢᠬᠢ ᠪᠠᠨ ᠰᠢᠪᠬᠠᠨ ᠠᠷᠭ᠎ᠠ ᠤᠬᠠᠭᠠᠨ ᠰᠤᠪᠢᠵᠤ ᠯᠡ ᠪᠠᠶᠢᠯ᠎ᠠ᠃ ᠢᠩᠬᠢᠭᠡᠳ 1998 ᠤᠨ ᠳᠤ | ᠰᠦᠨᠢᠳ ᠪᠠᠷᠠᠭᠤᠨ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠭᠡᠷ ᠨᠢ ︽ᠰᠦᠨᠢᠳ ᠪᠠᠷᠠᠭᠤᠨ ᠬᠤᠰᠢᠭᠤᠨ ᠤ | ᠤᠯᠠᠭᠠᠨᠮᠦ᠋ᠴᠢᠷ ᠤᠨ ᠪᠠᠶᠢᠭᠤᠯᠤᠯᠳᠠ ᠪᠡ ᠬᠦᠭᠵᠢᠯᠳᠡ ᠶᠢ ᠪᠠᠳᠤᠯᠠᠬᠤ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢᠨ | ᠲᠤᠬᠠᠢ ᠮᠡᠳᠡᠭᠳᠡᠯ︾ ᠪᠠᠭᠤᠯᠭᠠᠵᠤ᠂ ᠤᠯᠠᠭᠠᠨᠮᠦ᠋ᠴᠢᠷ ᠤᠨ ᠤᠷᠤᠰᠢᠯ ᠲᠤᠭᠳᠠᠨᠢᠯ ᠪᠡ ᠬᠦᠭᠵᠢᠯᠳᠡ ᠶᠢ ᠪᠠᠳᠤᠯᠠᠬᠤ | ᠭᠡᠳᠤᠨ ᠵᠤᠷᠪᠤᠰ ᠬᠠᠷᠠᠭᠠᠯᠵᠠᠯᠠᠯ ᠤᠨ ᠲᠦᠷᠦ ᠶᠢᠨ ᠪᠤᠳᠤᠯᠭ᠎ᠠ ᠲᠤᠭᠳᠠᠭᠠᠵᠠᠢ᠃ ᠢᠩᠬᠢᠭᠡᠳ ᠤᠯᠠᠭᠠᠨᠮᠦ᠋ᠴᠢᠷ ᠨᠢ | ᠲᠤᠭᠯᠠᠭᠴᠢ ᠪᠠᠨ ᠰᠡᠯᠪᠢᠨ ᠡᠯᠰᠡᠵᠤ᠂ ᠲᠤᠰᠬᠠᠢ ᠮᠡᠷᠭᠡᠵᠢᠯ ᠤᠨ ᠪᠤᠯᠪᠠᠰᠤᠷᠠᠯ ᠢ ᠴᠢᠩᠭᠠᠳᠬᠠᠨ᠂ ᠵᠤᠬᠢᠶᠠᠨ | ᠪᠦᠳᠤᠭᠡᠯᠭᠡ ᠶᠢ ᠵᠤᠷᠢᠬᠵᠢᠭᠤᠯᠤᠭᠰᠠᠨ ᠠᠴᠠ ᠤᠯᠠᠭᠠᠨᠮᠦ᠋ᠴᠢᠷ ᠨᠢ ᠠᠮᠢᠯᠠᠯ ᠢᠶᠠᠨ ᠤᠯᠵᠤ᠂ ᠨᠡᠩ ᠤᠯᠠᠨ ᠵᠠᠯᠠᠭᠤ | ᠤᠷᠠᠯᠢᠬᠴᠢᠳ ᠴᠤᠯᠭᠤᠷᠠᠨ᠂ ᠰᠢᠨ᠎ᠡ ᠰᠤᠳᠤᠨ ᠤᠷᠠᠯᠢᠭ ᠤᠨ ᠪᠦᠳᠦᠭᠡᠯ ᠵᠤᠬᠢᠶᠠᠭᠳᠠᠵᠤ᠂ ᠮᠠᠯᠴᠢᠨ ᠠᠶᠢᠯ ᠤᠨ | ᠭᠠᠳᠠᠨ᠎ᠠ ᠠᠴᠠ ᠡᠬᠢᠯᠡᠨ ᠶᠡᠭᠡ ᠬᠤᠳᠠ ᠶᠢᠨ ᠤᠷᠠᠯᠢᠭ ᠤᠨ ᠲᠠᠶᠢᠰᠠ ᠬᠦᠷᠳᠡᠯ᠎ᠠ ᠤᠷᠠᠨ ᠪᠦᠵᠢᠭ ᠤᠶᠠᠩᠭ᠎ᠠ | ᠲᠠᠭᠤᠤ ᠪᠠᠨ ᠴᠤᠤᠷᠢᠶᠠᠳᠤᠭᠤᠯᠵᠤ ᠡᠬᠢᠯᠡᠭᠰᠡᠨ ᠪᠠᠶᠢᠨ᠎ᠠ᠃ ᠨᠡᠩ ᠴᠦ 2006 ᠤᠨ ᠳᠤ ᠬᠤᠰᠢᠭᠤ ᠵᠠᠰᠠᠭ ᠠᠴᠠ | ᠤᠯᠠᠭᠠᠨᠮᠦ᠋ᠴᠢᠷ ᠤᠨ ᠲᠤᠭᠯᠠᠭᠴᠢᠳ ᠤᠨ 70% ᠶᠢᠨ ᠵᠦᠷᠢᠶᠡᠳᠤ ᠴᠠᠯᠢᠩ ᠤᠨ ᠲᠦᠷᠢᠮ ᠢ ᠦᠭᠡᠷᠡᠴᠢᠯᠡᠵᠤ᠂ ᠪᠦᠬᠦ | ᠴᠡᠯᠢᠩ ᠤᠯᠭᠤᠮᠵᠢ ᠶᠢ ᠬᠤᠰᠢᠭᠤ ᠡᠳ᠋ ᠤᠨ ᠵᠠᠰᠠᠭ ᠠᠴᠠ ᠡᠬᠦᠷᠭᠡᠯᠡᠬᠦ ᠪᠤᠯᠤᠭᠰᠠᠨ ᠠᠴᠠ ᠲᠤᠭᠯᠠᠭᠴᠢᠳ ᠤᠨ ᠡᠩᠨᠡᠭᠡ | ᠲᠤᠭᠳᠠᠪᠤᠷᠢᠳᠠᠢ ᠪᠤᠯᠵᠤ᠂ ᠴᠢᠳᠠᠪᠤᠷᠢᠳᠠᠨ ᠢ ᠦᠯᠡᠳᠡᠭᠡᠨ ᠭᠡᠷᠡᠭᠯᠡᠬᠦ ᠳᠤ ᠠᠰᠢᠭᠳᠠᠢ ᠪᠤᠯᠤᠭᠰᠠᠨ ᠪᠠᠶᠢᠨ᠎ᠠ᠃ ᠠᠯᠪᠠᠯᠠᠬᠤ | ᠂ ᠪᠤᠯᠪᠠᠰᠤᠷᠠᠬᠤ ᠨᠦᠬᠦᠴᠡᠯ ᠴᠦ ᠤᠷᠢᠳ ᠪᠠᠶᠢᠭ᠎ᠠ ᠦᠭᠡᠢ ᠪᠠᠷ ᠰᠠᠶᠢᠵᠢᠷᠠᠵᠤ᠂ ᠤᠯᠤᠰ ᠤᠷᠤᠨ ᠠᠶᠢᠮᠠᠭ ᠤᠨ | ᠲᠦᠷᠦᠯ ᠵᠦᠢᠯ ᠤᠨ ᠪᠡᠯᠡ ᠮᠦᠩᠬᠦᠨ ᠤ ᠤᠷᠤᠭᠤᠯᠤᠯᠳᠠ ᠪᠠᠷ 5000 ᠲᠡᠭᠰᠢ ᠲᠦᠷᠪᠡᠯᠵᠢᠨ ᠮᠧᠲᠷ ᠪᠦᠬᠦᠢ | ᠤᠯᠠᠭᠠᠨᠮᠦ᠋ᠴᠢᠷ ᠤᠨ ᠲᠤᠰᠬᠠᠢ ᠠᠰᠠᠷ ᠲᠠᠢ ᠪᠤᠯᠤᠭᠰᠠᠨ ᠪᠠᠶᠢᠨ᠎ᠠ᠃ ᠰᠢᠨ᠎ᠡ ᠴᠠᠭ ᠡᠷᠡᠨ ᠤ ᠤᠯᠠᠭᠠᠨᠮᠦ᠋ᠴᠢᠷ ᠤᠨ | ᠵᠠᠯᠠᠭᠤᠬᠠᠨ ᠲᠠᠷᠤᠭ᠎ᠠ ᠮᠦᠩᠭᠡ ᠬᠤᠰᠢᠭᠤᠨ ᠤ ᠪᠠᠨ ᠨᠠᠮ ᠵᠠᠰᠠᠭ ᠤᠨ ᠬᠦᠴᠦᠳᠡᠢ ᠲᠡᠮᠵᠢᠯᠭᠡ ᠪᠠᠷ ᠵᠤᠷᠢᠭᠳᠠᠢ | ᠡᠷᠢᠯᠬᠢᠯᠳᠡ᠂ ᠰᠢᠨ᠎ᠡ ᠰᠦᠪᠡᠭᠴᠢᠯᠡᠯᠳᠡ ᠬᠢᠭᠰᠡᠭᠡᠷ ᠪᠤᠢ᠃ ᠨᠢᠳᠤᠨ ᠬᠠᠷᠠᠭ᠎ᠠ ᠪᠠᠨ ᠲᠡᠯᠡᠵᠤ᠂ ᠰᠤᠶᠤᠯ ᠤᠨ | ᠰᠤᠯᠢᠯᠴᠠᠭ᠎ᠠ ᠪᠠᠨ ᠦᠷᠭᠡᠳᠭᠡᠬᠦ ᠵᠤᠷᠢᠯᠭ᠎ᠠ ᠪᠠᠷ 2008 ᠤᠨ ᠳᠤ ᠴᠢᠩᠬᠤᠸᠠ ᠶᠡᠭᠡ ᠰᠤᠷᠭᠠᠭᠤᠯᠢ᠂ ᠲᠦᠪ ᠤᠨ | ᠦᠨᠳᠦᠰᠦᠳᠡᠨ ᠤ ᠶᠡᠭᠡ ᠰᠤᠷᠭᠠᠭᠤᠯᠢ ᠶᠢᠨ ᠪᠦᠵᠢᠭ ᠤᠨ ᠲᠡᠭᠡᠳᠤ ᠰᠤᠷᠭᠠᠭᠤᠯᠢ ᠵᠡᠷᠭᠡ ᠶᠡᠭᠡ ᠲᠡᠭᠡᠳᠤ | ᠰᠤᠷᠭᠠᠭᠤᠯᠢ ᠨᠤᠭᠤᠳ ᠲᠠᠢ ᠰᠤᠶᠤᠯ ᠤᠨ ᠰᠤᠯᠢᠯᠴᠠᠭ᠎ᠠ ᠬᠢᠵᠤ᠂ 2012 ᠤᠨ ᠳᠤ ᠠᠮᠧᠷᠢᠺᠠ ᠶᠢᠨ ᠯᠠᠤᠰ | ᠠᠩᠵᠧᠯᠧᠰ᠂ ᠯᠠᠰ ᠸᠧᠭᠠᠰ᠂ ᠰᠠᠨ ᠹᠷᠠᠨᠰᠢᠰᠺᠤ ᠵᠡᠷᠭᠡ ᠬᠤᠳᠠ ᠳᠤ ᠬᠦᠷᠴᠦ ᠲᠤᠭᠯᠠᠭᠠᠳ ᠤᠯᠠᠭᠠᠨᠮᠦ᠋ᠴᠢᠷ ᠢᠶᠠᠨ | ᠭᠠᠳᠠᠭᠰᠢ ᠨᠡᠩ ᠤᠯᠠᠨ ᠬᠡᠪᠴᠢᠶᠡᠨ ᠳᠤ ᠲᠠᠨᠢᠭᠤᠯᠤᠨ ᠤᠬᠠᠭᠤᠯᠤᠭᠰᠠᠨ ᠪᠦᠭᠡᠳ ᠲᠡᠯᠡᠭᠡᠢ ᠶᠢᠨ ᠲᠡᠷᠢᠬᠦᠨ ᠰᠤᠶᠤᠯ | ᠤᠷᠠᠯᠢᠭ ᠢ ᠤᠶᠢᠯᠠᠭᠠᠭᠰᠠᠨ ᠪᠠᠶᠢᠨ᠎ᠠ᠃ | ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠨᠢ 1984 ᠤᠨ ᠳᠤ ᠰᠢᠨ᠎ᠡ ᠲᠤᠮᠳᠠᠳᠤ ᠤᠯᠤᠰ | ᠪᠠᠶᠢᠭᠤᠯᠤᠭᠳᠠᠭᠰᠠᠨ 35 ᠵᠢᠯ ᠤᠨ ᠤᠢ ᠶᠢ ᠲᠤᠷᠠᠰᠬᠠᠬᠤ ᠠᠵᠢᠯᠯᠠᠭ᠎ᠠ ᠳᠤ ᠤᠷᠤᠯᠴᠠᠵᠤ᠂ ᠡᠯ᠎ᠡ ᠴᠠᠭ ᠦᠶ᠎ᠡ ᠶᠢᠨ | ᠨᠠᠮ ᠲᠦᠷᠦ ᠶᠢᠨ ᠤᠳᠤᠷᠢᠳᠤᠭᠴᠢᠳ ᠪᠡ ᠦᠪᠡᠷᠳᠡᠭᠡᠨ ᠵᠠᠰᠠᠬᠤ ᠤᠷᠤᠨ ᠤ ᠭᠤᠤᠯ ᠤᠳᠤᠷᠢᠳᠤᠯᠭ᠎ᠠ ᠨᠠᠷ ᠤᠨ | ᠬᠠᠶᠢᠷ᠎ᠠ ᠬᠠᠯᠠᠮᠵᠢ ᠶᠢ ᠬᠦᠷᠳᠡᠵᠤ᠂ ᠪᠦᠬᠦ ᠤᠷᠤᠨ ᠤ ︽ᠠᠷᠪᠠᠨ ᠰᠤᠳᠤᠨ ᠤᠯᠠᠭᠠᠨᠮᠦ᠋ᠴᠢᠷ︾ ᠤᠨ ᠨᠢᠭᠡᠨ᠂ ᠪᠦᠬᠦ | ᠤᠷᠤᠨ ᠤ ᠨᠢᠭᠡᠳᠦᠭᠡᠷ ᠲᠦᠷᠦᠯ ᠤᠨ ᠤᠯᠠᠭᠠᠨᠮᠦ᠋ᠴᠢᠷ᠂ ᠪᠦᠬᠦ ᠤᠷᠤᠨ ᠤ ᠰᠢᠯᠢᠳᠡᠭ ᠤᠯᠠᠭᠠᠨᠮᠦ᠋ᠴᠢᠷ ᠵᠡᠷᠭᠡ ᠠᠯᠢ | ᠤᠯᠠᠨ ᠢᠷᠡᠭᠤ ᠠᠯᠳᠠᠷ ᠢᠶᠠᠷ ᠮᠢᠯᠢᠶᠠᠯᠭᠠᠵᠤ᠂ ᠲᠤᠭᠯᠠᠭᠴᠢᠳ ᠤᠨ ᠬᠢᠨᠢ ᠵᠤᠬᠢᠶᠠᠨ ᠪᠦᠳᠦᠭᠡᠭᠰᠡᠨ ᠤᠷᠠᠨ ᠪᠦᠳᠦᠭᠡᠯ᠂ | ᠲᠤᠭᠯᠠᠭᠰᠠᠨ ᠤᠷᠠᠨ ᠰᠠᠶᠢᠬᠠᠨ ᠤ ᠦᠵᠡᠬᠦᠯᠦᠯᠭᠡ ᠨᠢ ᠡᠶᠢᠮᠦ ᠲᠡᠶᠢᠮᠦ ᠱᠠᠩᠨᠠᠯ ᠬᠦᠬᠢᠬᠦᠯᠦᠯ ᠢᠶᠠᠷ ᠱᠠᠩᠨᠠᠭᠤᠯᠵᠤ᠂ | ᠰᠦᠨᠢᠳ ᠨᠤᠳᠤᠭ ᠮᠢᠨᠢ ︽ᠤᠤᠭᠠᠨ ᠤᠯᠠᠭᠠᠨᠮᠦ᠋ᠴᠢᠷ ᠤᠨ ᠦᠯᠦᠭᠡᠢ︾ ᠢᠶᠠᠷ ᠨᠡᠷᠡᠯᠡᠭᠳᠡᠨ᠂ ︽ᠤᠯᠠᠭᠠᠨᠮᠦ᠋ᠴᠢᠷ︾ | ᠭᠡᠳᠡᠭ ᠨᠢ ᠨᠢᠭᠡ ᠵᠦᠢᠯ ᠤᠨ ᠰᠤᠶᠤᠯ ᠤᠨ ᠲᠦᠷᠦᠯ ᠲᠡᠮᠳᠡᠭ ᠪᠤᠯᠤᠭᠰᠠᠨ ᠨᠢ ᠤᠯᠠᠭᠠᠨᠮᠦ᠋ᠴᠢᠷ ᠤᠨ ᠲᠠᠪᠢᠭᠠᠳ | ᠵᠢᠯ ᠤᠨ ᠤᠷᠠᠯᠢᠭ ᠤᠨ ᠵᠠᠮ ᠮᠦᠷ ᠤᠨ ᠬᠢᠨᠢ ᠦᠨᠳᠦᠷ ᠦᠨᠡᠯᠡᠯᠳᠡ ᠪᠤᠯᠬᠤ ᠶᠤᠮ᠃ ᠭᠡᠬᠦ ᠳᠡᠭᠡᠨ ᠰᠦᠨᠢᠳ ᠪᠠᠷᠠᠭᠤᠨ | ᠬᠤᠰᠢᠭᠤᠨ ᠤ ᠤᠯᠠᠭᠠᠨᠮᠦ᠋ᠴᠢᠷ ᠲᠠᠪᠢᠭᠠᠳ ᠵᠢᠯ ᠤᠨ ᠤᠷᠳᠤ ᠠᠶᠠᠨ ᠤ ᠲᠤᠷᠰᠢ ᠮᠠᠯᠴᠢᠨ ᠠᠷᠠᠳ ᠤᠨ ᠢᠶᠠᠨ | ᠰᠡᠳᠬᠢᠯ ᠳᠤ ᠲᠠᠭᠠᠯᠠᠭᠳᠠᠭᠰᠠᠨ ᠤᠷᠠᠨ ᠰᠠᠶᠢᠬᠠᠨ ᠤ ᠲᠤᠭᠯᠠᠯᠳᠠ ᠪᠠᠨ ᠨᠢᠯᠬ᠎ᠠ ᠲᠦᠯ ᠤᠨ ᠮᠠᠶᠢᠯᠠᠭᠠᠨ ᠲᠠᠢ ᠮᠤᠩᠭᠤᠯ | ᠭᠡᠷ ᠤᠨ ᠡᠬᠦᠳᠡᠨ ᠳᠤ᠂ ᠠᠬᠢ ᠲᠠᠭᠠᠨ᠎ᠠ ᠶᠢᠨ ᠦᠨᠦᠷ ᠲᠠᠢ ᠰᠢᠷᠭᠠᠯ ᠬᠠᠳᠤᠯᠠᠩ ᠤᠨ ᠲᠠᠯᠠᠪᠠᠢ᠂ ᠡᠷ᠎ᠡ ᠵᠤᠷᠢᠭ ᠤᠨ | ᠰᠤᠷᠢᠭᠠᠨ ᠲᠠᠢ ᠨᠠᠭᠠᠳᠤᠮ ᠤᠨ ᠠᠭᠤᠳᠠᠮ ᠲᠠᠯᠠᠪᠠᠢ ᠳᠤ ᠲᠤᠭᠯᠠᠵᠤ ᠢᠷᠡᠭᠰᠡᠨ ᠤᠯᠡ ᠮᠦᠷ ᠨᠢ ᠠᠯᠳᠠᠷ ᠵᠢᠳᠬᠦᠯ ᠤᠨ | ᠬᠢᠨᠢ ᠲᠡᠤᠭᠡᠨ ᠦᠨᠡᠨ ᠲᠡᠮᠳᠡᠭᠯᠡᠯ ᠪᠠᠶᠢᠬᠤ ᠶᠤᠰᠤᠳᠠᠢ᠃ ᠠᠷᠠᠳ ᠲᠦᠮᠡᠨ ᠤ ᠬᠢᠨᠢ ︽ᠮᠠᠨ ᠤ ᠤᠯᠠᠭᠠᠨᠮᠦ᠋ᠴᠢᠷ︾ | ᠭᠡᠰᠡᠨ ᠨᠢᠭᠡᠯᠡ ᠦᠭᠡ ᠰᠡᠳᠬᠢᠯ ᠠᠴᠠ ᠬᠠᠮᠤᠭ ᠤᠶᠢᠷ᠎ᠠ᠂ ᠬᠠᠮᠤᠭ ᠦᠨᠡᠨ᠂ ᠬᠠᠮᠤᠭ ᠬᠠᠯᠠᠭᠤᠬᠠᠨ ᠦᠨᠡᠯᠡᠯᠳᠡ | ᠪᠠᠶᠢᠬᠤ ᠶᠤᠰᠤᠳᠠᠢ︕ ᠡᠶᠢᠮᠦ ᠪᠤᠯᠬᠤᠷ ᠢᠶᠠᠨ ᠡᠳᠦᠷ ᠢᠷᠡᠬᠦᠶ᠎ᠡ ᠦᠩᠭᠡ ᠡᠯᠪᠡᠭᠵᠢᠨ ᠰᠤᠯᠤᠩᠭᠠᠷᠠᠵᠤ ᠪᠠᠶᠢᠭ᠎ᠠ | ᠲᠤᠮᠳᠠᠳᠤ ᠶᠢᠨ ᠤᠷᠠᠯᠢᠭ ᠤᠨ ᠲᠦᠮᠡᠨ ᠴᠡᠴᠡᠭ ᠤᠨ ᠬᠦᠷᠢᠶᠡᠯᠡᠩ ᠳᠤ ᠤᠯᠠᠭᠠᠨᠮᠦ᠋ᠴᠢᠷ ᠮᠠᠨᠢ ᠬᠦᠳᠡᠭᠡ ᠶᠢᠨ ᠴᠡᠪᠡᠷ | ᠠᠮᠢᠰᠬᠤᠯ᠂ ᠭᠡᠭᠡᠷ᠎ᠡ ᠶᠢᠨ ᠴᠡᠴᠡᠭᠡᠰ ᠤᠨ ᠰᠤᠳᠤᠨ ᠰᠠᠶᠢᠬᠠᠨ ᠦᠨᠦᠷ ᠲᠠᠢ ᠦᠪᠡᠷᠮᠢᠴᠡ ᠭᠤᠴᠦ | ᠤᠨᠴᠠᠯᠢᠭ ᠢᠶᠠᠷ ᠢᠶᠠᠨ ︽ᠦᠨᠳᠦᠰᠦᠳᠡᠨ ᠤ ᠬᠢ ᠪᠤᠯᠬᠤ ᠲᠤᠳᠤᠮ ᠢᠶᠠᠨ ᠲᠡᠯᠡᠭᠡᠢ ᠶᠢᠨ ᠬᠢ ᠪᠤᠯᠵᠤ︾᠂ ᠦᠪᠡᠷ ᠤᠨ | ᠭᠡᠰᠡᠨ ᠤᠷᠤᠨ ᠵᠠᠢ ᠪᠠᠨ ᠡᠵᠡᠯᠡᠬᠦ ᠨᠢ ᠯᠠᠪᠳᠠᠢ᠃ |