ᠤᠷᠤᠭ ᠬᠤᠷᠢᠮ
ᠨᠡᠶᠢᠲᠡᠯᠡᠭᠰᠡᠨ ᠴᠠᠭ᠄
2017/6/21
       ᠬᠦᠤ ᠲᠠᠯ᠎ᠠ ᠠᠴᠠ ᠬᠡᠤᠭᠡᠨ ᠢ ᠨᠢ ᠭᠤᠶᠤᠬᠤ ᠠᠶᠢᠯ ᠳᠠᠭᠠᠨ ᠡᠳᠦᠷ ᠤᠨ ᠰᠠᠶᠢᠨ ᠢ ᠦᠵᠡᠵᠤ ᠰᠤᠩᠭᠤᠨ᠂ ᠬᠡᠯᠡᠮᠦᠷᠴᠢ ᠤᠴᠢᠭᠤᠯᠵᠤ᠂ ᠬᠡᠤᠭᠡᠨ ᠢ ᠨᠢ ᠭᠤᠶᠤᠵᠤ᠂ ᠬᠠᠳᠠᠭ ᠲᠠᠯᠪᠢᠳᠠᠭ᠃ ᠬᠦᠦ ᠬᠡᠤᠭᠡᠨ ᠤ ᠬᠤᠶᠠᠷ ᠲᠠᠯ᠎ᠠ ᠪᠠᠷ  ᠢᠶᠠᠨ ᠦᠯᠵᠡᠶᠢᠳᠤ ᠡᠳᠤᠷ ᠰᠤᠩᠭᠤᠨ ᠬᠤᠷᠢᠮ ᠤᠨ ᠶᠤᠰᠤᠯᠠᠯ ᠢᠶᠠᠨ ᠶᠠᠪᠤᠭᠳᠠᠭᠤᠯᠳᠠᠭ᠃ ᠬᠦᠤ ᠶᠢᠨ ᠲᠠᠯ᠎ᠠ ᠬᠤᠷᠢᠮ  ᠤᠨ ᠡᠳᠤᠷ᠂ ᠬᠦᠤ ᠳᠡᠭᠡᠨ ᠮᠤᠩᠭᠤᠯ ᠬᠤᠪᠴᠠᠰᠤ᠂ ᠭᠤᠳᠤᠯ ᠢ ᠨᠢ ᠡᠮᠤᠰᠤᠬᠦᠯᠵᠦ᠂ ᠪᠦᠰᠡ ᠶᠢ ᠨᠢ ᠪᠦᠰᠡᠯᠡᠭᠦᠯᠦᠭᠰᠡᠨ ᠤ ᠲᠠᠷᠠᠭ᠎ᠠ ᠡᠷ᠎ᠡ ᠬᠦᠮᠦᠨ ᠤ ᠮᠦᠩᠭᠦᠨ ᠡᠳ᠋ᠯᠠᠯ ᠵᠠᠰᠠᠯ ᠢ ᠦᠪᠴᠢ ᠵᠡᠭᠦᠯᠭᠡᠵᠤ᠂ ᠨᠤᠮᠤ ᠰᠠᠭᠠᠳᠠᠭ ᠢ ᠴᠠᠭᠠᠨ ᠢᠳᠡᠭᠡ ᠪᠠᠷ ᠮᠢᠯᠢᠶᠠᠭᠠᠳ ᠠᠬᠰᠠᠭᠤᠯᠵᠤ᠂ ᠪᠡᠷᠢ ᠲᠤᠰᠬᠤ ᠬᠦᠮᠦᠨ ᠢ ᠳ᠋ᠠᠩ ᠲᠤᠭ᠎ᠠ ᠪᠠᠷ ᠲᠤᠬᠢᠷᠠᠭᠤᠯᠤᠨ ᠮᠠᠨᠳᠤᠬᠤ ᠨᠠᠷᠠ ᠲᠠᠢ ᠵᠡᠷᠭᠡᠴᠠᠨ ᠬᠡᠤᠭᠡᠨ ᠲᠠᠯ᠎ᠠ ᠳᠤ ᠤᠴᠢᠭᠤᠯᠵᠤ ᠪᠡᠷᠢ ᠲᠤᠰᠴᠤ ᠠᠪᠴᠢᠷᠠᠭᠤᠯᠬᠤ ᠪᠠᠷ ᠶᠠᠪᠤᠭᠤᠯᠵᠦ ᠂ ᠪᠤᠴᠠᠬᠤ ᠳᠠᠭᠠᠨ ᠰᠢᠨ᠎ᠡ ᠪᠡᠷᠢ ᠪᠠᠨ ᠲᠤᠰᠤᠭᠠᠳ ᠬᠤᠤᠰ ᠲᠤᠭ᠎ᠠ ᠪᠠᠷ ᠬᠠᠷᠢᠵᠦ ᠢᠷᠡᠳᠡᠭ᠃ ᠡᠨᠡ ᠨᠢ ᠮᠤᠩᠭᠤᠯᠴᠤᠳ ᠬᠤᠤᠰ ᠬᠤᠤᠰ ᠢᠶᠠᠷ ᠢᠶᠠᠨ ᠦᠯᠵᠡᠢ ᠪᠡᠯᠭᠡ ᠲᠠᠢ ᠭᠡᠵᠦ ᠦᠵᠡᠳᠡᠭ᠃ ᠬᠡᠤᠭᠡᠨ ᠤ ᠲᠠᠯ᠎ᠠ ᠶᠢᠨ ᠬᠢᠨᠢ ᠲᠦᠷᠦᠬᠦᠦ ᠡᠳᠤᠷ ᠤᠨ ᠤᠷᠤᠢ ᠠᠴᠠ ᠨᠢ ᠡᠬᠢᠯᠡᠨ ᠲᠦᠷᠦᠯ ᠰᠠᠳᠤᠨ ᠨᠠᠶᠢᠵᠠ ᠨᠦᠬᠦᠳ ᠢᠶᠠᠨ ᠤᠷᠢᠵᠦ ᠬᠡᠤᠭᠡᠨ  ᠢᠶᠠᠨ ᠮᠤᠷᠳᠠᠭᠤᠯᠬᠤ ᠴᠠᠶᠢᠯᠠᠯᠭ᠎ᠠ ᠬᠢᠳᠡᠭ᠃ ᠬᠦᠦ ᠲᠠᠯ᠎ᠠ ᠶᠢᠨ ᠬᠢᠨᠢ ᠪᠡᠷᠢ ᠲᠤᠰᠬᠤ ᠦᠶᠠᠰ ᠬᠠᠳᠠᠮ ᠠᠪᠤ ᠳᠤᠨᠢ ᠰᠡᠪᠠ ᠲᠠᠢ ᠰᠠᠷᠬᠤᠳ ᠤᠨ ᠪᠡᠯᠡᠭ ᠪᠠᠷᠢᠵᠤ᠂ ᠬᠠᠳᠠᠮ ᠡᠵᠢ ᠳᠤᠨᠢ ᠡᠭᠡ ᠶᠢᠨ ᠴᠠᠭᠠᠨ ᠰᠦ ᠬᠠᠷᠢᠭᠤᠯᠤᠨ᠎ᠠ ᠭᠡᠵᠤ ᠲᠤᠷᠭᠠᠨ ᠬᠠᠳᠠᠭ᠂ ᠲᠠᠪᠡᠯ ᠤᠨ ᠭᠠᠳᠠᠷ᠎ᠠ ᠶᠢᠨ ᠲᠤᠷᠭ᠎ᠠ ᠰᠤᠩᠭᠤᠵᠤ᠂ ᠬᠠᠳᠠᠮ ᠡᠵᠢ ᠳᠤᠨᠢ ᠪᠡᠯᠡᠭ ᠪᠠᠷᠢᠳᠠᠭ ᠵᠢᠮ᠎ᠡ  ᠲᠠᠢ᠃ ᠪᠡᠷᠢ ᠲᠤᠰᠴᠦ ᠢᠷᠡᠭᠰᠡᠨ ᠤ ᠲᠠᠷᠠᠭ᠎ᠠ ᠰᠢᠨ᠎ᠡ ᠪᠡᠷᠢ ᠪᠠᠷ ᠮᠤᠷᠢ ᠤᠨᠤᠭᠤᠯᠵᠦ ᠬᠤᠳᠠ ᠪᠠᠨ ᠵᠦᠪ ᠲᠡᠰᠢ ᠭᠤᠷᠪᠡ ᠲᠤᠭᠤᠷᠢᠭᠤᠯᠤᠭᠰᠠᠨ ᠤ ᠲᠠᠷᠠᠭ᠎ᠠ᠂ ᠬᠦᠦ ᠲᠠᠯ᠎ᠠ ᠶᠢᠨ ᠨᠢᠭᠡ ᠠᠬᠠᠮᠠᠳ ᠠᠴᠠ ᠰᠢᠨ᠎ᠡ ᠪᠡᠷᠢ ᠶᠢ ᠮᠤᠷᠢᠨ  ᠠᠴᠠ ᠨᠢ ᠲᠤᠰᠴᠦ ᠪᠠᠭᠤᠯᠭᠠᠵᠦ᠂ ᠰᠦ ᠠᠮᠰᠠᠭᠤᠯᠳᠠᠭ᠃ ᠪᠡᠷᠢ ᠬᠦᠷᠭᠡᠭᠴᠢᠳ ᠭᠡᠷ ᠲᠤ ᠤᠷᠤᠵᠦ ᠬᠦᠦ ᠲᠠᠯ᠎ᠠ ᠶᠢᠨ ᠬᠦᠮᠦᠰ ᠲᠠᠢ ᠮᠡᠨᠳᠤᠴᠢᠯᠡᠭᠰᠡᠨ ᠤ ᠲᠠᠷᠠᠭ᠎ᠠ ᠬᠤᠷᠢᠮ ᠤᠨ ᠶᠤᠰᠤᠯᠠᠯ ᠵᠢᠩᠬᠢᠨᠢ ᠪᠠᠷ ᠡᠬᠢᠯᠡᠳᠡᠭ᠃ ᠶᠤᠰᠤᠯᠠᠯ ᠲᠡᠭᠡᠷ᠎ᠡ ᠬᠦᠨᠳᠤᠳᠤ ᠠᠬᠠᠮᠠᠳ ᠠᠴᠠ ᠰᠢᠨ᠎ᠡ ᠬᠦᠷᠭᠡᠨ ᠰᠢᠨ᠎ᠡ ᠪᠡᠷᠢ ᠳᠤ ᠢᠷᠦᠬᠡᠯ ᠬᠠᠶᠢᠷᠠᠯᠠᠵᠦ᠂ ᠭᠠᠯ ᠪᠤᠷᠬᠠᠨ ᠳᠤ ᠮᠦᠷᠬᠦᠬᠦᠯᠵᠦ ᠲᠠᠭᠤᠰᠤᠭᠰᠠᠨ ᠤ ᠲᠠᠷᠠᠭ᠎ᠠ ᠨᠠᠶᠢᠷ ᠬᠦᠷ ᠬᠦᠭᠵᠢᠶᠠᠨ ᠲᠠᠢ ᠶᠠᠪᠤᠭᠳᠠᠳᠠᠭ᠃ ᠬᠡᠤᠭᠡᠨ ᠬᠦᠷᠭᠡᠭᠰᠡᠳ ᠲᠤᠰ ᠤᠷᠤᠢ ᠳᠠᠭᠠᠨ ᠪᠤᠴᠠᠳᠠᠭ ᠵᠠᠩᠰᠢᠯ ᠲᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号